ᠨᠡᠪᠲᠡᠷᠡᠨ ᠤᠷᠤᠬᠤ
ᠨᠠᠢ᠌ᠵᠢ ᠮᠢᠨᠢ ᠡᠷᠭᠢᠭᠡᠳ ᠢᠷᠠᠨ᠎ᠠ
᠊᠊᠊᠊᠊᠊᠊᠊᠊᠊᠊᠊᠊᠊᠊ ᠳᠤᠳᠤᠨᠤ ᠠᠠᠳᠠ ᠳ᠋·ᠬᠠᠰᠪᠢᠯᠢᠭ᠌ ᠶᠢᠡᠨ ᠭᠠᠰᠢᠭᠤᠳᠠᠨ ᠪᠢᠴᠢᠪᠠᠢ

           

ᠡᠷᠭᠢᠵᠤ ᠬᠠᠷᠠᠭᠠᠤᠨ ᠴᠢᠮ᠎ᠠ ᠪᠠᠨ ᠮᠦᠷᠦᠭᠡᠳᠭᠦ ᠳᠤ ᠡᠷ᠎ᠡ ᠳᠤᠷᠪᠢ ᠲᠡᠶ ᠡᠷ᠎ᠡ ᠶᠠᠪᠣᠭᠰᠠᠨ

ᠡᠭᠡᠯ ᠳᠤᠤᠷᠠᠳᠤ ᠭᠡᠵᠤ ᠢᠯᠭᠠᠬᠤ ᠦᠭᠡᠶ ᠦᠨᠡᠠᠴᠢ ᠴᠠᠭᠠᠬᠠᠨ ᠰᠡᠳᠭᠢᠯ ᠲᠡᠶ ᠶᠠᠪᠣᠭᠰᠠᠨ

ᠡᠩᠭᠡᠷ ᠳᠦᠭᠦᠷᠡᠩ ᠮᠸᠲ᠋ᠠᠯ ᠦᠭᠡᠶ ᠴᠤ ᠦᠳᠡᠰᠢ ᠶᠢᠨ ᠣᠳᠤᠳ ᠰᠢᠭ᠌ ᠨᠠᠢ᠌ᠵᠢ ᠲᠡᠶ ᠶᠠᠪᠣᠭᠰᠠᠨ

ᠡᠭᠡ ᠮᠤᠩᠭ᠋ᠤᠯ ᠰᠤᠶᠤᠯ ᠳᠠᠭᠠᠨ ᠬᠠᠢ᠌ᠷᠠᠳᠠᠢ ᠰᠢᠯᠢᠳᠡᠭ᠌ ᠨᠢᠭᠡᠨ ᠰᠢᠯᠦᠭ᠍ᠴᠢ ᠶᠠᠪᠣᠭᠰᠠᠨ ᠁


ᠡᠪᠦᠭᠡᠨ ᠪᠣᠭᠤᠷᠤᠯ ᠠᠭᠤᠯᠠ ᠶᠢᠨ ᠶᠢᠡᠨ ᠡᠩᠭᠡᠷ ᠳᠤᠤᠷ᠎ᠠ ᠨᠢ ᠨᠣᠢ᠌ᠷᠰᠤᠯ᠎ᠠ ᠭᠡᠭᠦ ᠳᠤ

ᠬᠠᠰ ᠤᠨ ᠥᠩᠭᠡ ᠲᠡᠶ ᠪᠢᠯᠢᠭ᠌ ᠤᠨ ᠭᠡᠷᠡᠯ ᠳᠡᠭᠡᠭ᠍ᠰᠢ ᠪᠠᠨ ᠳᠡᠭ᠍ᠳᠡᠭᠡᠳ ᠶᠠᠪᠣᠭᠰᠠᠨ

ᠬᠠᠢ᠌ᠷᠠᠳᠠᠢ ᠮᠤᠩᠭ᠋ᠤᠯ ᠨᠤᠳᠤᠭ ᠲᠠᠭᠠᠨ ᠮᠥᠩᠭᠡ ᠶᠢᠨ ᠣᠰᠤᠨ ᠠᠪᠴᠢᠷᠠᠬᠤ ᠪᠠᠷ

ᠪᠣᠷᠬᠠᠨ ᠤ ᠠᠷᠢᠭᠤᠨ ᠣᠷᠤᠨ ᠵᠥᠭ᠌ ᠴᠢᠯᠦᠭᠡ ᠭᠤᠶᠤᠭᠠᠤᠨ ᠯᠠ ᠶᠠᠪᠣᠭᠰᠠᠨ ᠁


ᠳ᠋᠂ ᠬᠠ᠊ ᠮᠢᠨᠢ ᠡᠷᠭᠢᠭᠡᠳ ᠢᠷᠠᠨ᠎ᠠ

ᠳᠠᠷᠬᠠᠨ ᠮᠤᠩᠭ᠋ᠤᠯ ᠨᠤᠳᠤᠭ ᠲᠠᠭᠠᠨ ᠳᠠᠭᠢᠭᠠᠤᠨ ᠯᠠ ᠢᠷᠠᠨ᠎ᠠ ᠡ᠃

  

             2011 ᠣᠨ ᠤ 10᠂ 10 ᠳ᠋ᠤ ᠶᠡᠭᠡ ᠪᠠᠢ᠌ᠰᠢᠩ ᠳ᠋ᠤ


ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2666
ᠴᠠᠭ᠄ 2011 ᠤᠨ ᠤ 10 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ