ᠨᠡᠪᠲᠡᠷᠡᠨ ᠤᠷᠤᠬᠤ
ᠪᠦᠰᠡᠭᠦᠢ ᠭᠦᠮᠤᠨ ᠤ ᠭᠠᠷ

ᠳᠠᠪᠤᠨ ᠬᠠᠨᠠᠳᠤ ᠳᠤ ᠭᠡᠭᠡ ᠣᠷᠢᠭᠰᠠᠨ

ᠳᠠᠯ᠎ᠠ ᠶᠢᠨ ᠴᠡᠩᠭᠡᠷ ᠬᠠᠳᠠᠭ

ᠳᠠᠩᠰᠤᠭ ᠠᠮᠢᠳᠤᠷᠠᠯ ᠢ ᠭᠡᠷᠡᠯ ᠶᠢᠡᠷ ᠮᠢᠯᠢᠶᠠᠭᠰᠠᠨ

ᠳᠠᠨᠠᠨ ᠴᠠᠭᠠᠨ ᠥᠤᠷ

ᠳᠠᠷᠭᠤ ᠲᠡᠶ ᠮᠠᠯ ᠤᠨ ᠰᠢᠮ᠎ᠠ ᠶᠢ ᠲᠡᠳᠬᠦᠭ᠍ᠰᠡᠨ

ᠳᠠᠭᠠᠨ᠎ᠠ ᠰᠡᠩᠭᠢᠨᠡᠭ᠍ᠰᠡᠨ ᠵᠢᠪᠠᠷ

ᠳᠠᠷ ᠲᠡᠶ ᠰᠢᠯᠦᠭ᠌ ᠤᠨ ᠪᠣᠳᠤᠯ ᠳᠡᠷᠡᠯᠡᠭᠦᠯᠦᠭ᠍ᠰᠡᠨ

ᠳᠠᠩᠭᠢᠯ ᠰᠤᠷᠢᠬᠤ ᠵᠠᠶᠠᠭ᠎ᠠ

ᠪᠦᠰᠡᠭᠦᠢ ᠭᠦᠮᠤᠨ ᠤ ᠭᠠᠷ ᠭᠡᠵᠤ

ᠪᠦᠳᠦᠭᠡᠯ ᠢ ᠣᠭᠵᠢᠭᠰᠠᠨ ᠰᠦ᠋ ᠦᠦ︖

ᠪᠦᠳᠤᠨ ᠵᠢᠷᠭᠠᠭᠤᠯᠬᠤ ᠣᠴᠢᠷᠳᠠᠢ

ᠮᠢᠨᠤ ᠳᠡᠯᠡᠭᠡᠢ ᠶᠢᠨ ᠬᠠᠢ᠌ᠷ᠎ᠠ ᠦᠦ︖

ᠨᠠᠷᠠ ᠲᠡᠶ ᠳᠤᠭᠯᠠᠬᠤ ᠦᠷ᠎ᠡ ᠶᠢᠨ ᠮᠢᠨᠢ

ᠨᠣᠢ᠌ᠷ ᠢ ᠳᠠᠯᠠᠯᠤᠭᠰᠠᠨ ᠪᠦᠪᠠᠢ

ᠨᠠᠳᠠ ᠲᠡᠶ ᠳᠤᠭᠯᠠᠬᠤ ᠰᠢᠯᠦᠭ᠌ ᠤᠨ ᠮᠢᠨᠢ

ᠰᠦᠨᠠᠰᠤ ᠶᠢ ᠳᠠᠯᠠᠯᠤᠭᠰᠠᠨ ᠬᠤᠷᠤᠢ

ᠢᠷᠭᠤᠢ ᠨᠢᠳᠦᠯᠡᠭ᠍ᠰᠡᠨ ᠳᠠᠯ᠎ᠠ ᠶᠢᠨ ᠮᠢᠨᠢ

ᠢᠷᠠᠭᠤᠬᠠᠨ ᠳᠠᠭᠤᠨ ᠤ ᠡᠭᠡᠰᠢᠭ᠌

ᠢᠷᠠᠭᠤ ᠨᠠᠢ᠌ᠷᠠᠭ ᠤᠨ ᠴᠤᠯᠮᠤᠨ ᠤ

ᠪᠣᠳᠤᠯ ᠳᠤ ᠵᠤᠰᠠᠭᠠᠯ ᠲᠡᠶ ᠬᠤᠨ

ᠰᠤᠷᠭᠤᠭ ᠣᠬᠠᠭᠠᠨ ᠤ ᠥᠤᠷ ᠭᠡᠢ᠌ᠭᠦᠭᠡᠭᠦ

ᠰᠤᠪᠣᠷᠠᠭᠠᠤᠨ ᠭᠠᠷᠬᠤ ᠨᠠᠷᠠ

ᠰᠤᠮᠤᠳᠠᠭᠠᠤᠨ ᠳᠠᠪᠭᠢᠬᠤ ᠭᠦᠰᠡᠯ ᠤᠨ ᠮᠢᠨᠢ

ᠰᠤᠮᠤᠨ ᠵᠡᠭᠡᠷᠳᠡ ᠶᠢᠨ ᠬᠠᠳᠠᠷᠢᠶ᠎ᠠ

ᠰᠤᠴᠢᠭᠠᠨ ᠳᠠᠭᠠᠨ ᠴᠣᠢ᠌ᠯᠠᠬᠤ ᠭᠦᠯᠦᠭ᠌ ᠤᠨ

ᠣᠮᠤᠭ ᠢ ᠳᠠᠷᠤᠬᠤ ᠠᠮᠠᠭᠠᠢ

ᠰᠤᠯᠤᠩᠭ᠋ᠠᠨ ᠪᠠᠢ᠌ᠭᠠᠯᠢ ᠳᠤ ᠮᠥᠩᠭᠡᠵᠢᠮ᠎ᠡ

ᠰᠤᠳᠤᠨ ᠢᠷᠠᠭᠤ ᠳᠤᠤᠯᠢ

ᠪᠦᠰᠡᠭᠦᠢ ᠭᠦᠮᠤᠨ ᠤ ᠭᠠᠷ ᠭᠡᠵᠤ

ᠪᠦᠳᠦᠭᠡᠯ ᠢ ᠣᠭᠵᠢᠭᠰᠠᠨ ᠰᠥ᠋ ᠤᠤ

ᠪᠦᠭᠦᠰᠢ ᠦᠭᠡᠶ ᠬᠠᠢ᠌ᠷ᠎ᠠ ᠵᠢᠨ

ᠪᠦᠭᠦᠷᠭᠡ ᠰᠢᠭᠦᠷᠡᠭ᠍ᠰᠡᠨ ᠰᠦᠯᠳᠡ ᠤᠤ

ᠲᠦᠷᠦ ᠶᠢᠨ ᠰᠦᠯᠳᠡ ᠪᠠᠨ ᠳᠦᠰᠢᠭᠡᠤᠨ ᠶᠠᠪᠣᠬᠤ

ᠡᠷ᠎ᠡ ᠶᠢᠨ ᠵᠤᠯᠪᠣᠭ᠎ᠠ ᠰᠡᠷᠭᠦᠭᠡᠨ

ᠲᠦᠪᠰᠢᠨ ᠵᠢᠷᠭᠠᠯ ᠶᠢᠡᠨ ᠳᠤᠯᠤᠭᠠᠤᠨ ᠪᠣᠰᠬᠠᠬᠤ

ᠦᠷ᠎ᠡ ᠶᠢᠨ ᠵᠠᠶᠠᠭ᠎ᠠ ᠲᠡᠳᠬᠦᠭ᠍ᠰᠡᠨ

ᠰᠠᠷᠠᠨᠠᠢ ᠴᠡᠴᠡᠭ᠌ ᠤᠨ ᠵᠠᠳᠠᠷᠠᠭᠰᠠᠨ ᠳᠠᠯᠪᠢ

ᠰᠠᠷᠠᠭᠤᠯ ᠮᠠᠷᠭᠠᠰᠢ ᠶᠢᠨ ᠳᠤᠳᠤᠷᠠᠭᠰᠠᠨ ᠵᠢᠰᠤ

ᠪᠦᠰᠡᠭᠦᠢ ᠭᠦᠮᠤᠨ ᠤ ᠭᠠᠷ ᠳᠡᠭᠡᠷ᠎ᠡ

ᠪᠦᠳᠤᠨ ᠳᠡᠯᠡᠭᠡᠢ ᠵᠢᠷᠭᠠᠳᠠᠭ ᠶᠤᠮ

ᠪᠦᠭᠦᠰᠢ ᠦᠭᠡᠶ ᠬᠠᠢ᠌ᠷ᠎ᠠ ᠵᠢᠨ

ᠣᠩᠭ᠋ᠤᠨ ᠨᠠᠢ᠌ᠷᠠᠭ ᠳᠦᠯᠵᠢᠭ᠍ᠰᠡᠨ ᠶᠤᠮ᠃

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3112
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ