ᠨᠡᠪᠲᠡᠷᠡᠨ ᠤᠷᠤᠬᠤ
ᠠᠭᠤᠯᠠ ᠶᠢᠨ ᠡᠷᠭᠡᠳᠡᠨ ᠤ ᠳᠤᠮᠤᠭ

ᠣᠷᠢᠳᠤ ᠳᠤ ᠠᠷᠤ ᠬᠤᠷᠴᠢᠨ ᠨᠤᠳᠤᠭ ᠲᠤ ᠨᠢᠭᠡᠨ ᠠᠪᠣᠷᠭᠤ ᠪᠠᠶ᠎ᠠ ᠠᠭᠤᠤ ᠮᠠᠩᠨᠠᠢ ᠲᠡᠶ᠂ ᠮᠦᠩᠭᠦᠨ ᠰᠠᠬᠠᠯ ᠮᠥᠰᠢᠶᠡᠩᠭᠦᠢ ᠴᠢᠷᠠᠢ ᠲᠡᠶ᠂ ᠠᠷᠤ ᠶᠢᠨ ᠮᠠᠯᠴᠢᠳ ᠲᠤ ᠪᠠᠨ ᠭᠦᠷᠢᠶᠡᠯᠡᠯ ᠲᠡᠶ᠂ ᠠᠩᠴᠢᠨ ᠰᠢᠪᠠᠭᠤᠴᠢᠨ ᠳᠤ ᠪᠠᠨ ᠭᠦᠡᠳᠦᠳᠡᠢ 《ᠡᠷᠭᠡᠳᠡᠨ ᠠᠪᠣ》 ᠭᠡᠳᠡᠭ᠌ ᠴᠤᠯᠠ ᠲᠡᠶ ᠨᠠᠰᠤᠳᠠᠨ ᠪᠠᠢ᠌ᠭᠰᠠᠨ ᠭᠡᠨ᠎ᠡ᠃

ᠨᠠᠰᠤᠳᠠᠨ ᠠᠭᠤᠯᠠ ᠬᠠᠢ᠌ᠷᠬᠠᠨ ᠤ ᠪᠠᠨ ᠠᠷᠢᠶᠠᠳᠠᠨ ᠭᠦᠷᠦᠭᠡᠰᠤ ᠶᠢ ᠬᠠᠮᠢᠭᠠᠭᠤᠷ ᠭᠡᠳᠦᠢ ᠪᠠᠢ᠌ᠬᠤ ᠳᠤ ᠨᠢ ᠭᠦᠷᠳᠡᠯ᠎ᠡ ᠠᠯᠠᠭᠠᠨ ᠳᠤ ᠪᠠᠨ ᠪᠠᠢ᠌ᠬᠤ ᠠᠳᠠᠯᠢ ᠠᠠᠳᠠᠯ ᠦᠭᠡᠶ ᠮᠡᠳᠡᠳᠡᠭ᠌ ᠣᠴᠢᠷ ᠡᠴᠡ ᠠᠩᠴᠢᠨ ᠮᠠᠯᠴᠢᠨ ᠳᠡᠭᠦᠨ ᠢ ᠪᠠᠢ᠌ᠭᠠᠯᠢ ᠳᠡᠯᠡᠭᠡᠢ ᠵᠢᠨ ᠡᠭᠢ ᠪᠠᠶᠠᠯᠢᠭ ᠤᠨ 《ᠰᠠᠩ ᠬᠠᠮᠢᠶᠠᠷᠤᠭᠴᠢ》 ᠠᠭᠤᠯᠠ ᠣᠰᠤᠨ ᠤ ᠡᠷᠭᠡᠳᠡᠨ ᠶᠢᠡᠷ ᠦᠵᠡᠵᠤ ᠪᠢᠰᠢᠷᠠᠨ ᠭᠦᠡᠳᠦᠳᠭᠡᠳᠡᠭ᠌ ᠪᠠᠢ᠌ᠵᠠᠢ᠃ ᠡᠷᠭᠡᠳᠡᠨ ᠠᠪᠣ ᠠᠭᠤᠯᠠ ᠶᠢᠨ ᠪᠠᠷᠰ ᠢ ᠭᠦᠷᠳᠡᠯ᠎ᠡ ᠳᠡᠷᠭᠡᠳᠡ ᠪᠠᠨ ᠳᠠᠭᠤᠳᠠᠨ ᠠᠪᠴᠢᠷᠠᠵᠤ ᠴᠢᠳᠠᠳᠠᠭ ᠳᠤᠯᠠ ᠡᠭᠡᠯ ᠠᠷᠠᠤᠨ ᠡᠴᠡ ᠭᠡᠷᠭᠢᠮᠳᠡᠨ ᠨᠤᠶᠠᠤᠨ ᠭᠦᠷᠳᠡᠯ᠎ᠡ ᠠᠶᠤᠮᠰᠢᠭ ᠦᠭᠡᠶ ᠳᠡᠭᠦᠨ ᠳᠤ ᠣᠷᠢᠳᠠᠪᠠᠷ ᠮᠡᠳᠡᠭ᠍ᠳᠡᠵᠤ ᠭᠠᠵᠠᠷ ᠵᠢᠭᠠᠯᠭᠠᠬᠤ ᠦᠭᠡᠶ ᠪᠠᠷ ᠠᠩᠨᠠᠳᠠᠭ ᠦᠭᠡᠶ ᠭᠡᠨ᠎ᠡ᠃

ᠨᠢᠭᠡ ᠣᠳᠠᠭ᠎ᠠ ᠬᠤᠰᠢᠭᠤᠨ ᠸᠠᠩ ᠶᠡᠭᠡ ᠠᠪᠠ ᠳᠠᠯᠪᠢᠬᠤ ᠭᠡᠳ ᠡᠷᠭᠡᠳᠡᠨ ᠠᠪᠣ ᠡᠴᠡ ᠭᠦᠷᠳᠡᠭᠡᠯ ᠭᠤᠶᠤᠬᠤ ᠪᠠᠷ ᠳᠠᠭᠠᠭᠠᠮᠠᠯ ᠳᠤᠮᠢᠯᠠᠬᠤ ᠭᠡᠭᠦ ᠳᠤ ᠪᠠᠭ᠎ᠠ ᠬᠠᠳᠤᠨ ᠨᠢ ᠠᠭᠤᠷᠯᠠᠵᠤ᠄ 《ᠶ‍ᠢᠷᠳᠢᠠᠴᠤ ᠳᠡᠭᠡᠷ᠎ᠡ ᠣᠯᠠᠨ ᠤ ᠳᠡᠭᠡᠳᠡᠢ ᠨᠤᠶᠠᠨ ᠰᠠᠭᠤᠵᠤ ᠪᠠᠢ᠌ᠭᠠᠤᠨ ᠠᠭᠤᠯᠠᠨ ᠤ ᠠᠮᠢᠳᠠᠨ ᠢ ᠬᠤᠷᠤᠭᠠᠬᠤ ᠳᠤ ᠣᠷᠤᠨ ᠤ ᠡᠪᠦᠭᠡᠨ ᠡᠴᠡ ᠠᠰᠠᠭᠤᠬᠤ ᠶᠠᠭᠤᠨ ︖》 ᠭᠡᠵᠤ ᠵᠠᠩᠨᠠᠭᠰᠠᠨ ᠳᠤᠯᠠ ᠠᠷᠭ᠎ᠠ ᠦᠭᠡᠶ ᠡᠷᠭᠡᠳᠡᠨ ᠠᠪᠣ ᠶᠢᠨ ᠵᠦᠪᠰᠢᠶᠠᠷᠠᠯ ᠦᠭᠡᠶ ᠪᠠᠷ ᠠᠪᠠ ᠭᠢᠵᠠᠢ᠃ ᠭᠡᠳᠤᠨ ᠡᠳᠦᠷ ᠠᠪᠯᠠᠭᠠᠤᠨ ᠦᠨᠦᠴᠢᠨ ᠳᠠᠤᠯᠠᠢ ᠴᠤ ᠣᠯᠤᠭᠰᠠᠨ ᠦᠭᠡᠶ ᠳᠤᠯᠠ ᠸᠠᠩ ᠤᠨ ᠬᠠᠳᠤᠨ ᠤ ᠢᠴᠢᠭᠦᠷ ᠨᠢ ᠬᠤᠪᠢᠯᠵᠤ ᠠᠭᠤᠷ ᠪᠣᠯᠤᠭᠠᠤᠨ ᠸᠠᠩ ᠨᠤᠶᠠᠨ ᠳᠤ ᠪᠠᠨ᠄ 《ᠳᠡᠩᠳᠡᠭᠦᠯᠵᠤ ᠶᠠᠷᠢᠳᠠᠭ ᠣᠠᠴᠠ ᠡᠷᠭᠡᠳᠤ ᠡᠪᠦᠭᠡᠨ ᠶᠢᠡᠨ ᠠᠪᠴᠤ ᠢᠷ᠎ᠠ᠂ ᠪᠢ ᠪᠠᠷᠰ ᠦᠵᠡᠨ᠎ᠡ》 ᠭᠡᠪᠡ᠃ ᠡᠷᠭᠡᠳᠡᠨ ᠠᠪᠣ ᠸᠠᠩ ᠤᠨ ᠵᠠᠭᠢᠶ᠎ᠠ ᠪᠠᠷ ᠠᠭᠤᠯᠠᠨ ᠳᠤ ᠭᠠᠷᠴᠤ ᠥᠨᠡᠭᠡᠷ ᠨᠢᠭᠡᠨ ᠭᠦᠷᠡᠩ ᠡᠷᠢᠶᠡᠨ ᠪᠠᠷᠰ ᠢ ᠳᠠᠭᠠᠭᠤᠯᠤᠨ ᠢᠷᠠᠪᠠᠯ ᠸᠠᠩ ᠤᠨ ᠬᠠᠳᠤᠨ ᠥᠩᠭᠦᠯᠴᠡᠭ᠌ ᠶᠢᠡᠨ ᠬᠠᠭᠠᠷᠠᠳᠠᠯ᠎ᠠ ᠠᠶᠤᠵᠤ ᠬᠠᠷ᠎ᠠ ᠳᠡᠷᠭᠡᠨ ᠳᠤ ᠪᠠᠨ ᠰᠢᠷᠭᠤᠵᠤ ᠬᠠᠷᠢᠯᠳᠠ ᠥᠭᠡᠢ ᠵᠢᠭᠤᠳᠠᠪᠠ ᠭᠡᠨ᠎ᠡ᠃

ᠬᠤᠵᠢᠮ ᠨᠢ ᠡᠷᠭᠡᠳᠡᠨ ᠠᠪᠣ ᠶᠢ ᠨᠠᠰᠤ ᠪᠠᠷᠠᠭᠰᠠᠨ ᠡᠴᠡ ᠰᠡᠭᠦᠯᠡᠷ ᠡ᠊ᠨᠳᠡᠭᠢ ᠠᠭᠤᠯᠠᠨ ᠳᠤ ᠪᠠᠷᠰ ᠪᠠᠢ᠌ᠬᠤ ᠥᠭᠡᠢ ᠪᠣᠯᠤᠭᠰᠠᠨ ᠪᠦᠭᠡᠳ ᠠᠩ ᠭᠦᠷᠦᠭᠡ ᠴᠤ ᠴᠥᠭᠡᠷᠡᠵᠤ ᠣᠢ ᠮᠤᠳᠤ ᠨᠢ ᠴᠤ ᠰᠡᠢ᠌ᠷᠡᠭ᠍ᠵᠢᠭ᠍ᠰᠡᠨ ᠡᠴᠡ ᠮᠠᠯᠴᠢᠳ ᠨᠠᠰᠤᠳᠠᠨ ᠵᠢᠠᠨ ᠳᠤᠷᠠᠰᠤᠨ ᠰᠠᠨᠠᠭᠠᠯᠵᠠᠬᠤ ᠳᠤ ᠪᠠᠨ ᠪᠠᠭ ᠭᠢᠵᠤ ᠭᠦᠷᠦᠭᠯᠡᠭᠡᠳ 《ᠴᠠᠭᠠᠨ ᠡᠪᠦᠭᠡᠨ》 ᠭᠡᠵᠤ ᠳᠠᠭᠢᠳᠠᠭ ᠪᠣᠯᠤᠭᠰᠠᠨ ᠪᠦᠭᠡᠳ ᠵᠢᠯ ᠪᠦᠷᠢ ᠶᠢᠨ ᠳᠠᠪᠤᠨ ᠰᠠᠷ᠎ᠠ ᠶᠢᠨ ᠰᠢᠨ᠎ᠡ ᠶᠢᠨ ᠳᠠᠪᠤᠨ ᠪᠣᠯᠬᠤ ᠪᠦᠷᠢ ᠣᠪᠣᠭ᠎ᠠ ᠳᠠᠭᠢᠨ ᠪᠠᠷᠰ ᠳᠠᠭᠤᠳᠠᠵᠤ ᠭᠦᠰᠡᠯ ᠰᠡᠳᠬᠢᠯᠭᠡ ᠪᠠᠨ ᠢᠯᠡᠷᠡᠭᠦᠯᠳᠡᠭ᠌ ᠪᠣᠯᠵᠤ ᠭᠡᠨ᠎ᠡ᠃


ᠳᠤᠰ ᠳᠤᠮᠤᠭ ᠢ ᠰᠠ᠊·ᠵᠠᠮᠢᠶᠠᠨ ᠨᠠᠢ᠌ᠷᠠᠭᠤᠯᠤᠨ ᠡᠮᠭᠢᠳᠭᠡᠵᠤ ᠣᠯᠠᠭᠠᠠᠬᠠᠳᠠ ᠳᠡᠭᠡᠳᠤ ᠰᠤᠷᠭᠠᠭᠤᠯᠢ ᠵᠢᠨ ᠪᠣᠷᠵᠢᠭᠢᠨ·ᠪᠤᠶᠠᠨᠳᠡᠯᠭᠡᠷ ᠪᠠᠭᠰᠢ 《ᠮᠤᠩᠭ᠋ᠤᠯ ᠳᠤᠮᠤᠭ ᠶᠠᠷᠢᠶ᠎ᠠ ᠶᠢᠨ ᠰᠤᠳᠤᠯᠤᠯ》 ᠨᠤᠮ ᠳᠤ ᠪᠠᠨ ᠵᠢᠱᠢᠶ᠎ᠠ ᠪᠠᠷ ᠭᠡᠷᠡᠭᠯᠡᠪᠡ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ᠂ ᠠᠷᠤ ᠬᠤᠷᠴᠢᠨ

ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7486
ᠴᠠᠭ᠄ 2011 ᠤᠨ ᠤ 11 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ