ᠨᠡᠪᠲᠡᠷᠡᠨ ᠤᠷᠤᠬᠤ
ᠴᠢᠮ᠎ᠠ ᠶᠢ ᠰᠠᠨᠠᠯ᠎ᠠ

ᠡᠳᠦᠷ

ᠣᠭᠳᠠᠷᠭᠤᠢ ᠳᠤ ᠳᠤᠯᠠᠢ᠌ᠬᠤ

ᠣᠯᠠᠭᠠᠨ ᠨᠠᠷᠠ ᠶᠢ ᠬᠠᠷᠠᠭᠠᠤᠨ

ᠣᠭᠤᠰᠤᠷ ᠦᠭᠡᠶ ᠪᠣᠳᠤᠯ ᠳ᠋ᠠᠭᠠᠨ

ᠳᠠᠷᠤᠭᠳᠠᠨ

ᠣᠬᠠᠭ᠎ᠠ ᠦᠭᠡᠶ ᠮᠠᠯᠠᠷᠠᠵᠤ

ᠵᠤᠭᠰᠤᠬᠤ ᠮᠢᠨᠢ

ᠦᠨᠡᠨ ᠳᠡᠭᠡᠨ

ᠰᠡᠳᠭᠢᠯ ᠳᠤ ᠣᠶᠠᠭᠠᠳᠠᠢ

ᠴᠢᠨᠤᠭᠢ ᠳᠦᠷᠢ ᠶᠢ ᠡᠷᠢᠵᠤ

ᠰᠤᠷᠠᠭ ᠦᠭᠡᠶ ᠪᠣᠯᠤᠭᠰᠠᠨ ᠨᠢ

ᠴᠤᠬᠤᠮ ᠶᠠᠭᠠᠭᠢᠭᠠᠤᠨ ᠪᠢᠯᠠ ᠡ ︖ ᠭᠡᠵᠤ

ᠰᠡᠵᠢᠭ᠌ ᠡᠭᠡᠳᠡᠷᠡᠭᠡᠨ ᠵᠢᠠᠷ

ᠦᠪᠡᠷ ᠢ ᠪᠠᠨ ᠶᠠᠯᠠᠯᠵᠤ ᠪᠠᠢ᠌ᠭ᠎ᠠ

ᠰᠠᠨᠠᠭᠠᠨ ᠤ ᠭᠡᠨᠡᠨ ᠴᠠᠭᠠᠳᠬᠠᠯ ᠪᠢᠯᠢᠤ ︖


ᠦᠳᠡᠰᠢ

ᠠᠯᠢᠶᠠᠷᠬᠠᠨ ᠠᠨᠢᠪᠠᠯᠵᠠᠭ᠎ᠠ

ᠣᠯᠠᠨ ᠣᠳᠤᠳ ᠢ ᠰᠢᠷᠳᠡᠭᠡᠳ

ᠣᠶᠠᠷᠠᠯ ᠭᠤᠮᠤᠳᠠᠯ ᠳ᠋ᠠᠭᠠᠨ

ᠭᠡᠶ‍ᠦᠷᠡᠨ

ᠣᠷᠤᠰᠬᠤ ᠨᠢᠯᠪᠣᠰᠤ ᠪᠠᠨ

ᠠᠷᠴᠢᠨ ᠵᠤᠭᠰᠤᠬᠤ ᠮᠢᠨᠢ

ᠦᠨᠡᠨ ᠳᠡᠭᠡᠨ

ᠵᠢᠷᠦᠭᠡᠨ ᠳᠤ ᠬᠤᠨᠤᠭᠰᠢᠭᠰᠠᠨ

ᠴᠢᠨᠤᠭᠢ ᠥᠭᠡ ᠶᠢ ᠳᠤᠷᠠᠰᠤᠨ

ᠵᠡᠭᠦᠳᠤᠨ ᠳᠤ ᠴᠤ ᠭᠡᠰᠡᠨ

ᠢᠯᠡᠷᠡᠳᠡᠭ᠌ ᠪᠣᠯᠤᠭᠠᠰᠠᠢ ᠭᠡᠵᠤ

ᠵᠥᠭ᠌ ᠵᠥᠭ᠌ ᠤᠨ ᠡᠵᠡᠳ

ᠰᠠᠭᠢᠭᠤᠰᠤ ᠳᠤ ᠨᠠᠢ᠌ᠳᠠᠵᠤ ᠪᠠᠢ᠌ᠭ᠎ᠠ

ᠵᠦᠩᠨᠠᠯ ᠭᠦᠰᠡᠯ ᠤᠨ ᠮᠢᠨᠢ

ᠳᠠᠭᠠᠳᠬᠠᠯ ᠪᠢᠯᠢᠤ ︖


ᠴᠢᠮ᠎ᠠ ᠶᠢ ᠰᠠᠨᠠᠯ᠎ᠠ ᠭᠡᠵᠤ

ᠴᠢᠮ᠎ᠠ ᠳᠤ ᠶᠠᠷᠤ ᠭᠡᠯᠡᠵᠤ

ᠴᠢᠳᠠᠭ᠎ᠠ ᠦᠭᠡᠶ ᠴᠤ

《ᠴᠢᠮ᠎ᠠ ᠶᠢ ᠰᠠᠨᠠᠯ᠎ᠠ》 ᠭᠡᠵᠤ

ᠴᠡᠭᠡᠵᠢᠨ ᠳ᠋ᠤ

ᠵᠢᠷᠦᠭᠡ ᠮᠢᠨᠢ ᠰᠢᠪᠠᠨᠡᠭᠦ ᠵᠢ

ᠬᠤᠷᠢᠭᠯᠠᠵᠤ ᠶᠠᠷᠤ ᠴᠢᠳᠠᠭ᠎ᠠ ᠦᠭᠡᠶ ᠡ ︕

ᠴᠢᠮ᠎ᠠ ᠶᠢ ᠰᠠᠨᠠᠯ᠎ᠠ ᠭᠡᠵᠤ

ᠴᠢᠮ᠎ᠠ ᠵᠥᠭ᠌ ᠳᠠᠮᠠᠤᠯᠠᠵᠤ ᠶᠠᠷᠤ

ᠭᠦᠷᠦᠭᠡ ᠦᠭᠡᠶ ᠴᠤ

《ᠴᠢᠮ᠎ᠠ ᠶᠢ ᠰᠠᠨᠠᠯ᠎ᠠ》 ᠭᠡᠵᠤ

ᠴᠤᠭᠢᠯᠠᠨ ᠯᠤᠭᠰᠢᠬᠤ ᠡᠰ ᠮᠠᠳᠠᠷᠠᠯ ᠪᠦᠭᠦᠨ ᠵᠢᠠᠨ

ᠡᠵᠡᠮᠳᠡᠵᠤ ᠶᠠᠷᠤ ᠴᠢᠳᠠᠭ᠎ᠠ ᠦᠭᠡᠶ ᠡ ︕

ᠴᠢᠮ᠎ᠠ ᠶᠢ ᠰᠠᠨᠠᠯ᠎ᠠ

ᠴᠢᠮ᠎ᠠ ᠶᠢ ᠰᠠᠨᠠᠯ᠎ᠠ ᠡ ︕


ᠵᠤᠬᠢᠶᠠᠭᠴᠢ ᠶᠢᠨ ᠬᠠ‍‌ᠶᠢᠭ ᠄ ᠭᠦᠷᠢᠶ᠎ᠡ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠶᠦᠩ ᠮᠸᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2691
ᠴᠠᠭ᠄ 2011 ᠤᠨ ᠤ 08 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ