ᠨᠡᠪᠲᠡᠷᠡᠨ ᠤᠷᠤᠬᠤ
ᠥᠪᠡᠷᠮᠢᠴᠠ ᠭᠡᠯᠡᠴᠡ ᠶᠢᠨ ᠳᠠᠢ᠌ᠯᠪᠣᠷᠢ

ᠣ (o

ᠣᠭᠤᠳᠤᠨ᠎ᠠ ᠶᠢᠨ ᠨᠥᠭᠡ ᠪᠠᠷ ᠪᠠᠭᠳᠠᠬᠤ᠄ ᠣᠪ ᠵᠠᠯᠢ ᠲᠡᠶ ᠬᠤᠯᠵᠢᠨ ᠬᠣᠢ᠌ᠬᠤᠷ ᠪᠠᠢ᠌ᠳᠠᠯ᠃

ᠣᠳᠤ ᠨᠢ ᠭᠢᠯᠠᠯᠵᠠᠬᠤ᠄ ᠠᠵᠠ ᠭᠡᠢ᠌ᠮᠦᠷᠢ ᠲᠡᠶ ᠪᠠᠢ᠌ᠬᠤ᠂ ᠠᠵᠢᠯ ᠣᠢ᠌ᠯᠠᠰ ᠨᠢ ᠥᠭᠡᠳᠡᠷᠭᠡᠭ᠌ ᠪᠠᠢ᠌ᠬᠤ᠃

ᠣᠳᠤ ᠬᠠᠷᠪᠣᠬᠤ᠄ ᠠᠵᠢᠯ ᠶᠠᠪᠣᠳᠠᠯ ᠨᠢ ᠪᠦᠳᠦᠭᠦ ᠪᠠᠨ ᠪᠠᠢ᠌ᠬᠤ᠃

ᠣᠯᠠᠨ ᠭᠠᠷ ᠲᠡᠶ᠄ ᠭᠦᠮᠤᠨ ᠤ ᠭᠢᠷᠢ ᠳ᠋ᠤᠨᠢ ᠳᠤᠭᠢᠷᠠᠭᠤᠯᠤᠨ ᠶᠠᠭᠤᠮ᠎ᠠ ᠶᠢ ᠭᠢᠭᠦ᠃

ᠣᠯᠠᠨ ᠳᠡᠭᠡᠭᠦᠷ ᠶᠠᠪᠣᠬᠤ (ᠭᠡᠰᠦᠭᠦ) ᠄ ᠠᠢ᠌ᠯ ᠠᠮᠢᠳᠠᠨ ᠤ ᠭᠢ ᠪᠠᠷ ᠳᠤᠭᠤᠷᠢᠵᠤ ᠭᠡᠰᠤᠨ ᠳᠡᠨᠦᠭᠦ᠃

ᠣᠢ᠌ᠮᠤᠰᠤ ᠡᠯᠡᠭᠡᠭᠦ᠄ ᠥᠵᠡᠭ᠍ᠰᠡᠨ ᠰᠤᠨᠤᠰᠤᠭᠰᠠᠨ ᠶᠠᠭᠤᠮ᠎ᠠ ᠶᠡᠭᠡ᠂

ᠣᠨ ᠳᠤ ᠣᠷᠤᠬᠤ᠄ ᠡᠪᠦᠯ ᠬᠠᠪᠣᠷ ᠤᠨ ᠪᠠᠷᠭᠡ ᠶᠢ ᠳᠤᠭᠤᠯᠵᠤ ᠥᠩᠭᠡᠷᠡᠭᠦ᠃

ᠣᠭᠤᠨᠤ ᠶᠢᠨ ᠬᠤᠶᠠᠷ ᠡᠪᠠᠷ ᠰᠢᠭ᠌᠄ ᠰᠠᠯᠤᠰᠢ ᠦᠭᠡᠶ ᠢᠨᠠᠭ ᠳᠤᠳᠤᠨᠤ ᠬᠤᠶᠠᠭᠤᠯᠬᠠᠨ ᠶᠢᠡᠨ᠃

ᠣᠷᠤᠢ ᠳᠡᠭᠡᠷ᠎ᠡ ᠰᠠᠭᠤᠬᠤ᠄ ᠳᠡᠭᠡᠷᠡᠯᠭᠡᠭᠦ᠂ ᠪᠣᠰᠤᠳ ᠢ ᠳᠠᠷᠤᠬᠤ᠃

ᠣᠷᠤᠢ ᠶᠢᠨ ᠦᠰᠦ ᠪᠣᠰᠬᠤ᠄ ᠰᠤᠴᠢᠨ ᠠᠶᠤᠬᠤ᠂ ᠡᠮᠢᠶᠡᠭᠦ᠃

ᠣᠷᠤᠢ ᠪᠠᠷ ᠣᠷᠤᠳᠠᠯ᠎ᠠ ᠭᠡᠯᠡᠭᠦ᠄ ᠳᠦᠭᠦᠭᠡ ᠣᠬᠠᠭᠠᠨ ᠢ ᠨᠢ ᠣᠯᠳᠠᠯ᠎ᠠ ᠭᠡᠯᠡᠭᠦ᠃

ᠣᠷᠤᠨ ᠭᠠᠷᠤᠨ ᠪᠣᠯᠬᠤ᠄ ᠰᠡᠳᠭᠢᠯ ᠰᠠᠨᠠᠭ᠎ᠠ ᠳᠤᠭᠳᠠᠪᠣᠷᠢ ᠦᠭᠡᠶ ᠪᠠᠢ᠌ᠬᠤ᠂ ᠵᠦᠨᠤᠵᠤ ᠭᠦᠭ᠍ᠰᠢᠷᠡᠭᠦ᠃

ᠣᠷᠴᠢᠯᠠᠩ ᠤᠨ ᠣᠯᠠᠭᠠᠨ ᠳᠤᠭᠤᠰᠤ᠄ ᠡᠷᠢᠶᠡᠨ ᠪᠠᠷᠠᠭᠠᠨ ᠬᠤᠷᠸ᠎ᠠ ᠶ‍ᠢᠷᠳᠢᠠᠴᠤ ᠶᠢᠨ ᠪᠠᠢ᠌ᠳᠠᠯ᠃

ᠣ ᠳᠤ ᠣᠢ᠌ᠷᠠᠳᠤᠪᠠᠯ ᠴᠠᠭᠠᠨ᠂ ᠭᠦ ᠳᠤ ᠣᠢ᠌ᠷᠠᠳᠤᠪᠠᠯ ᠬᠠᠷ᠎ᠠ᠄ ᠶᠠᠮᠠᠷ ᠭᠦᠮᠤᠨ ᠲᠡᠶ ᠣᠢ᠌ᠷᠠᠳᠤᠪᠠᠯ ᠳᠡᠭᠦᠨ ᠳᠤ ᠨᠥᠯᠦᠭᠡᠯᠡᠭ᠍ᠳᠡᠨ᠎ᠡ᠃

ᠣᠢ᠌ᠷ᠎ᠠ ᠳᠤ ᠪᠠᠨ ᠮᠥᠷᠭᠦᠯᠳᠦᠨ᠎ᠡ᠂ ᠬᠤᠯᠠ ᠳᠤ ᠪᠠᠨ ᠮᠥᠭᠡᠷᠡᠯᠳᠤᠨ᠎ᠡ᠄ ᠬᠠᠮᠳᠤ ᠪᠠᠢ᠌ᠬᠤ ᠳᠤ ᠪᠠᠨ ᠡᠪᠳᠡᠷᠡᠯᠴᠡᠵᠤ᠂ ᠬᠤᠯᠠ ᠵᠠᠢ᠌ᠳᠠᠪᠠᠯ ᠰᠠᠨᠠᠭᠠᠯᠵᠠᠳᠠᠭ᠃

ᠣᠪ ᠦᠭᠡᠶ ᠵᠤᠴᠢᠨ ᠳᠤ ᠣᠯᠪᠣᠭ ᠪᠣᠤ ᠳᠠᠯᠪᠢ᠄ ᠳᠠᠪᠳᠤᠷ ᠦᠭᠡᠶ ᠭᠦᠮᠤᠨ ᠢ ᠭᠦᠡᠳᠦᠯᠡᠭᠦ ᠭᠡᠷᠡᠭ᠌ ᠦᠭᠡᠶ᠃

ᠣᠭᠤᠯᠢᠨ ᠳᠠᠭᠠᠨ ᠴᠤ ᠪᠣᠢ ᠬᠡ ᠳᠡᠭᠡᠨ ᠴᠤ ᠪᠣᠢ᠄ ᠭᠡᠷᠡᠭ᠌ ᠶᠠᠪᠣᠳᠠᠯ ᠤᠨ ᠦᠷ᠎ᠡ ᠳ᠋ᠦ᠋ᠩ ᠨᠢ ᠪᠠᠶᠠᠴᠢ᠂ ᠪᠣᠰᠤᠤᠠᠴᠢ ᠰᠢᠯᠳᠠᠭᠠᠨ ᠤ ᠠᠯᠢᠨ ᠳᠤ ᠴᠤ ᠪᠣᠢ᠃

ᠣᠭᠤᠳᠠᠨ᠎ᠠ ᠶᠢᠨ ᠣᠷᠰᠢᠭ ᠣᠯᠠᠨ ᠳᠤ ᠪᠠᠨ᠄ ᠨᠢᠭᠡ ᠭᠦᠮᠤᠨ ᠤ ᠮᠠᠭᠤ ᠶᠠᠪᠣᠳᠠᠯ ᠨᠢ ᠣᠯᠠᠨ ᠨᠠᠢ᠌ᠳᠠ ᠳᠤ ᠨᠥᠯᠦᠭᠡ ᠲᠡᠶ᠃

ᠣᠯᠠᠨ ᠢ ᠳᠤᠭᠤᠷᠢᠵᠤ ᠣᠭᠤᠨᠤ ᠶᠢ ᠰᠡᠭᠦᠯᠳᠡᠭ᠍ᠰᠡᠨ᠄ ᠣᠯᠠᠨ ᠭᠡᠷᠡᠭ᠌ ᠢ ᠥᠩᠭᠡᠷᠡᠭᠡᠭ᠍ᠰᠡᠨ ᠬᠠᠰᠢᠷ ᠭᠦᠮᠤᠨ᠃

ᠣᠯᠠᠨ ᠥᠭᠡᠨ ᠤ ᠣᠭᠤᠰᠤᠷ ᠨᠢᠭᠡ᠂ ᠲᠦᠮᠡᠨ ᠥᠭᠡᠨ ᠤ ᠳᠦᠯᠭᠢᠭᠦᠷ ᠨᠢ ᠨᠢᠭᠡ᠄ ᠭᠡᠴᠢᠨᠡᠭᠡᠨ ᠣᠯᠠᠨ ᠥᠭᠡᠨ ᠤ ᠵᠠᠩᠭᠢᠯᠠᠭ᠎ᠠ ᠪᠣᠯᠤᠭᠰᠠᠨ ᠥᠭᠡ ᠨᠢ ᠨᠢᠭᠡ ᠯᠠ ᠪᠠᠢ᠌ᠳᠠᠭ᠃

ᠣᠯᠠᠨ ᠭᠡᠯᠡᠪᠠᠯ ᠣᠯᠢᠭ᠂ ᠴᠥᠭᠡᠨ ᠭᠡᠯᠡᠪᠠᠯ ᠰᠢᠯᠦᠭ᠌᠄ ᠭᠡᠷᠡᠭ᠌ ᠶᠠᠪᠣᠳᠠᠯ ᠢ ᠣᠨᠤᠰᠢᠳᠠᠢ ᠭᠡᠯᠡᠪᠠᠯ ᠡᠷᠴᠢᠳᠡᠢ᠃

ᠣᠯᠤᠭᠠᠳᠤᠢ ᠳᠠᠪᠤᠨ ᠵᠠᠭᠤᠨ ᠵᠤᠭᠤᠰ᠄ ᠪᠠᠶᠡᠯᠡᠭ᠍ᠳᠡᠭᠡᠳᠦᠢ ᠲᠦᠰᠤᠪ ᠬᠤᠭᠤᠰᠤᠨ ᠶᠠᠭᠤᠮᠠᠨ ᠳᠤ ᠪᠠᠶ᠎ᠠ ᠪᠠᠨ ᠬᠠᠭᠤᠷᠠᠬᠤ᠃

ᠣᠯᠪᠣᠭ ᠴᠤᠭᠤᠯᠤᠭᠰᠠᠨ ᠮᠡᠷᠭᠡᠨ ᠡᠴᠡ ᠣᠯᠠᠨ ᠢ ᠳᠤᠭᠤᠷᠢᠭᠰᠠᠨ ᠮᠤᠩᠬᠠᠭ᠄ ᠭᠡᠷ ᠲᠤ ᠪᠠᠨ ᠰᠠᠭᠤᠵᠤ ᠬᠤᠭᠤᠰᠤᠨ ᠮᠡᠷᠭᠡᠯᠡᠭ᠍ᠰᠡᠨ ᠡᠴᠡ ᠣᠯᠠᠨ ᠶᠠᠭᠤᠮ᠎ᠠ ᠦᠵᠡᠵᠤ ᠳᠤᠷᠰᠢᠯᠭ᠎ᠠ ᠬᠤᠷᠠᠮᠳᠤᠭᠤᠯᠤᠭᠰᠠᠨ ᠳᠡᠭᠡᠷ᠎ᠡ᠃

ᠣᠮᠪᠣ ᠥᠭᠦᠵᠤ ᠣᠷᠤ ᠭᠠᠷᠤᠯ᠎ᠠ᠂ ᠵᠠᠩᠭᠢ ᠥᠭᠦᠵᠤ ᠵᠠᠢ ᠭᠠᠷᠤᠯ᠎ᠠ᠄ ᠡᠭᠡᠯᠵᠢ ᠳᠠᠷᠠᠭᠠᠯᠠᠯ ᠨᠢ ᠭᠦᠷᠴᠤ ᠢᠷᠠᠯ᠎ᠠ᠃

ᠣᠷᠤ ᠦᠭᠡᠶ ᠭᠠᠵᠠᠷ ᠣᠪᠣᠭ᠎ᠠ ᠪᠣᠰᠬᠠᠬᠤ ᠄ ᠭᠢᠯᠢᠰᠳᠡᠭᠦᠯᠭᠦ᠂ ᠭᠦᠵᠢᠷᠯᠡᠭᠦ᠃

ᠣᠷᠤᠭ᠎ᠠ ᠨᠢ ᠣᠷᠤᠭ᠎ᠠ ᠪᠠᠷ ᠶᠢᠡᠨ᠂ ᠵᠢᠷᠤᠭ᠎ᠠ ᠨᠢ ᠵᠢᠷᠤᠭ᠎ᠠ ᠪᠠᠷ ᠶᠢᠡᠨ᠄ ᠠᠵᠢᠯ ᠮᠡᠷᠭᠡᠵᠢᠯ ᠠᠳᠠᠯᠢ ᠪᠣᠶᠤ ᠳᠤᠷ᠎ᠠ ᠰᠤᠨᠢᠷᠬᠠᠯ ᠨᠢᠭᠡᠳᠡᠢ ᠭᠦᠮᠦᠰ᠃

ᠣᠷᠤᠭᠰᠠᠨ ᠳᠡᠭ᠍ᠷᠢ ᠠᠷᠢᠯᠳᠠᠭ᠂ ᠢᠷᠡᠭ᠍ᠰᠡᠨ ᠵᠤᠴᠢᠨ ᠪᠣᠴᠠᠳᠠᠭ᠄ ᠣᠢ᠌ᠯᠠ ᠭᠡᠷᠡᠭ᠌ ᠲᠤ ᠡᠭᠢᠯᠡᠯᠳᠡ ᠳᠡᠭᠦᠰᠭᠡᠯ ᠲᠡᠶ᠃

ᠣᠷᠳᠤᠨ ᠳᠤ ᠳᠠᠨᠢᠯ ᠲᠡᠶ ᠪᠣᠯ ᠣᠳᠤᠭ᠎ᠠ ᠵᠢᠩᠰᠠ ᠵᠡᠭᠦᠨ᠎ᠡ᠄ ᠳᠠᠯ᠎ᠠ ᠨᠠᠢ᠌ᠷ ᠶᠢᠡᠷ ᠶᠢᠡᠨ ᠵᠡᠷᠭᠡ ᠭᠡᠷᠭᠢᠮ ᠣᠯᠬᠤ᠃


ᠵᠤᠬᠢᠶᠠᠭᠴᠢ ᠶᠢᠨ ᠬᠠᠶ‍ᠢᠭ ᠄ ᠬᠤᠤᠯᠢᠨ ᠭᠤᠤᠯ

ᠵᠤᠬᠢᠶᠠᠭᠴᠢ᠄ ᠰᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7494
ᠴᠠᠭ᠄ 2010 ᠤᠨ ᠤ 01 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ