ᠨᠡᠪᠲᠡᠷᠡᠨ ᠤᠷᠤᠬᠤ
ᠨᠠᠮ᠎ᠠ ᠶᠢ ᠮᠠᠷᠳᠠ

ᠬᠠᠪᠣᠷ ᠤᠨ ᠠᠭᠢ ᠨᠢᠳᠦᠯᠡᠭᠡ ᠦᠭᠡᠶ ᠬᠠᠭᠳᠠᠨ ᠳᠤᠤᠷ᠎ᠠ ᠪᠠᠨ ᠥᠭᠦᠭ᠍ᠰᠡᠨ ᠰᠢᠭ᠌ ᠮᠠᠷᠳᠠ

ᠬᠠᠷ᠎ᠠ ᠰᠠᠯᠭᠢᠨ ᠤ ᠳᠤᠭᠤᠰᠤ ᠬᠠᠷᠠᠭᠳᠠᠬᠤ ᠦᠭᠡᠶ ᠪᠣᠯᠳᠠᠯ᠎ᠠ ᠳᠠᠷᠤᠭᠰᠠᠨ ᠰᠢᠭ ᠮᠠᠷᠳᠠ

ᠵᠤᠨ ᠤ ᠴᠠᠭᠠᠨ ᠡᠭᠦᠯᠡ ᠪᠣᠷᠤᠭᠠᠯᠠᠭ᠎ᠠ ᠦᠭᠡᠶ ᠭᠡᠢ᠌ᠰᠦᠭ᠍ᠰᠡᠨ ᠰᠢᠭ᠌ ᠮᠠᠷᠳᠠ

ᠵᠤᠯ ᠦᠭᠡᠶ ᠨᠢᠭᠡ ᠦᠷ᠎ᠡ ᠨᠠᠭᠢᠶᠠᠯᠠᠭ᠎ᠠ ᠦᠭᠡᠶ ᠬᠠᠳᠠᠭᠰᠠᠨ ᠰᠢᠭ᠌ ᠮᠠᠷᠳᠠ

ᠨᠠᠮᠤᠷ ᠡᠴᠡ ᠡᠷᠳᠡ ᠮᠤᠳᠤᠨ ᠡᠴᠡ ᠨᠢᠭᠡ ᠨᠠᠪᠴᠢ ᠣᠨᠠᠭᠰᠠᠨ ᠰᠢᠭ ᠮᠠᠷᠳᠠ

ᠨᠠᠷᠠᠨ ᠡᠴᠡ ᠡᠮᠤᠨ᠎ᠡ ᠨᠠᠪᠴᠢᠨ ᠡᠴᠡ ᠮᠥᠭᠦᠯᠢᠭ᠌ ᠰᠢᠭᠦᠳᠡᠷᠢ ᠣᠨᠠᠭᠰᠠᠨ ᠰᠢᠭ ᠮᠠᠷᠳᠠ

ᠡᠪᠦᠯ ᠤᠨ ᠴᠠᠰᠤᠨ ᠳᠤ ᠡᠳᠡᠭᠡᠰᠢ ᠦᠭᠡᠶ ᠭᠦᠯᠳᠡᠭ᠍ᠰᠡᠨ ᠭᠡᠡᠵᠡ ᠡᠪᠠᠰᠤ ᠶᠢ ᠰᠢᠭ᠌ ᠮᠠᠷᠳᠠ

ᠡᠷᠭᠢ ᠭᠠᠩᠭ᠎ᠠ ᠳᠤ ᠡᠷᠭᠢᠰᠢ ᠦᠭᠡᠶ ᠳᠠᠷᠤᠭᠳᠠᠭᠰᠠᠨ ᠬᠠᠷ᠎ᠠ ᠬᠠᠮᠬᠤᠤᠯ ᠢ ᠰᠢᠭ ᠮᠠᠷᠳᠠ

ᠨᠠᠮ᠎ᠠ ᠶᠢ ᠮᠠᠷᠳᠠ

ᠭᠦᠵᠦᠭᠦᠨ ᠳᠤ ᠵᠡᠭᠦᠭ᠍ᠳᠡᠭ᠍ᠰᠡᠨ ᠰᠤᠠᠳᠤᠷ ᠳᠠᠰᠤᠷᠠᠭᠠᠤᠨ ᠭᠡᠭᠡᠭ᠍ᠳᠡᠴᠢᠭᠡᠭ᠍ᠰᠡᠨ ᠰᠢᠭ᠌ ᠮᠠᠷᠳᠠ

ᠬᠤᠷᠤᠭᠤᠨ ᠳᠤ ᠭᠤᠶᠤᠭᠳᠠᠭᠰᠠᠨ ᠪᠦᠯᠡᠵᠡᠩ ᠬᠤᠭᠤᠷᠠᠭᠠᠤᠨ ᠭᠡᠭᠡᠭ᠍ᠳᠡᠴᠢᠭᠡᠭ᠍ᠰᠡᠨ ᠰᠢᠭ᠌ ᠮᠠᠷᠳᠠ

ᠬᠠᠰ ᠰᠢᠭ ᠬᠤᠪᠣᠷᠬᠠᠨ ᠡᠷᠳᠡᠨᠢ ᠪᠠᠢ᠌ᠯ᠎ᠠ ᠴᠤ ᠭᠡᠮᠭᠡᠷᠡᠭᠡᠳ ᠭᠡᠭᠡᠭ᠍ᠳᠡᠴᠢᠭᠡᠭ᠍ᠰᠡᠨ ᠰᠢᠭ᠌ ᠮᠠᠷᠳᠠ

ᠬᠠᠮᠢᠭ᠎ᠠ ᠡᠴᠡ ᠴᠤ ᠳᠠᠭᠢᠭᠠᠳ ᠣᠯᠬᠤ ᠦᠭᠡᠶ ᠬᠠᠴᠢᠨ ᠶᠢᠡᠷ ᠭᠡᠭᠡᠭ᠍ᠳᠡᠴᠢᠭᠡᠭ᠍ᠰᠡᠨ ᠰᠢᠭ᠌ ᠮᠠᠷᠳᠠ

ᠨᠠᠮ᠎ᠠ ᠶᠢ ᠮᠠᠷᠳᠠ

ᠨᠠᠭᠤᠷ ᠤᠨ ᠳᠤᠩᠭ᠋ᠠᠯᠠᠭ ᠣᠰᠤᠨ ᠰᠢᠷᠭᠢᠭᠡᠳ ᠬᠠᠳᠠᠴᠢᠬᠠᠭᠰᠠᠨ ᠰᠢᠭ ᠮᠠᠷᠳᠠ

ᠨᠤᠭᠤᠰᠤ ᠭᠠᠯᠠᠭᠤ ᠨᠢ ᠳᠠᠭᠢᠭᠠᠤᠨ ᠢᠷᠡᠭᠦ ᠦᠭᠡᠶ ᠶᠠᠪᠣᠴᠢᠬᠠᠭᠰᠠᠨ ᠰᠢᠭ ᠮᠠᠷᠳᠠ

ᠬᠤᠭᠤᠷ ᠤᠨ ᠬᠤᠶᠠᠷ ᠣᠳᠠᠰᠤᠨ ᠤ ᠨᠢᠭᠡ ᠨᠢ ᠳᠠᠰᠤᠷᠠᠴᠢᠬᠠᠭᠰᠠᠨ ᠰᠢᠭ ᠮᠠᠷᠳᠠ

ᠬᠤᠩᠭ᠋ᠤᠷ ᠵᠥᠭᠡᠯᠡᠨ ᠠᠶ᠎ᠠ ᠨᠢ ᠨᠢᠭᠡᠮᠦᠰᠤᠨ ᠳᠠᠭᠯᠠᠷᠠᠴᠢᠬᠠᠭᠰᠠᠨ ᠰᠢᠭ ᠮᠠᠷᠳᠠ

ᠨᠠᠮ᠎ᠠ ᠶᠢ ᠮᠠᠷᠳᠠ ᠡ

ᠮᠠᠷᠳᠠᠬᠤ ᠳᠤ ᠪᠠᠨ

ᠨᠢᠳᠤᠨ ᠳᠤ ᠪᠠᠨ ᠨᠢᠯᠪᠣᠰᠤ ᠦᠭᠡᠶ ᠮᠠᠷᠳᠠ

ᠨᠣᠢ᠌ᠷᠤᠨ ᠳᠤ ᠪᠠᠨ ᠵᠡᠭᠦᠳᠤ ᠦᠭᠡᠶ ᠮᠠᠷᠳᠠ

ᠨᠠᠷ᠎ᠠ ᠲᠡᠶ ᠵᠢᠰᠤ ᠲᠡᠶ ᠳᠦᠷᠢ ᠲᠡᠶ ᠨᠢ

ᠨᠡᠮᠡᠭᠡᠰᠤ ᠬᠠᠯᠠᠭᠠᠰᠤ ᠦᠭᠡᠶ ᠡᠮᠦᠰᠭᠡᠯ ᠲᠡᠶ ᠨᠢ

ᠨᠢᠭᠡ ᠴᠤ ᠥᠯᠡᠳᠡᠭ᠍ᠰᠡᠨ ᠶᠠᠭᠤᠮ᠎ᠠ ᠥᠭᠡᠢ

ᠨᠡᠭᠡᠵᠤ ᠰᠠᠨᠠᠯ ᠦᠭᠡᠶ ᠨᠢᠭᠡᠮᠦᠰᠤᠨ ᠮᠠᠷᠳᠠ

ᠨᠠᠮ᠎ᠠ ᠶᠢ ᠮᠠᠷᠳᠠ ᠡ

ᠮᠠᠷᠳᠠᠬᠤ ᠳᠤ ᠪᠠᠨ

ᠡᠪᠦᠯ ᠵᠤᠨ ᠢ ᠮᠢᠨᠢ ᠬᠠᠪᠣᠷ ᠲᠡᠶ ᠨᠠᠮᠤᠷ ᠲᠡᠶ ᠨᠢ ᠮᠠᠷᠳᠠ

ᠡᠳᠦᠷ ᠰᠦᠨᠢ ᠶᠢ ᠮᠢᠨᠢ ᠥᠷᠯᠦᠭᠡ ᠲᠡᠶ ᠦᠳᠡᠰᠢ ᠲᠡᠶ ᠨᠢ ᠮᠠᠷᠳᠠ

ᠥᠴᠦᠭᠡᠳᠦᠷ ᠣᠷᠵᠢᠳᠤᠷ ᠢ ᠮᠢᠨᠢ ᠦᠨᠦ ᠲᠡᠶ ᠮᠠᠷᠭᠠᠰᠢ ᠲᠡᠶ ᠨᠢ ᠮᠠᠷᠳᠠ

ᠥᠰᠦᠭ᠍ᠰᠡᠨ ᠪᠣᠰᠤᠭᠰᠠᠨ ᠢ ᠮᠢᠨᠢ ᠥᠳᠡᠯᠭᠦ ᠲᠡᠶ ᠥᠭᠦᠭᠦ ᠲᠡᠶ ᠨᠢ ᠮᠠᠷᠳᠠ

ᠭᠤᠮᠤᠳᠠᠭᠰᠠᠨ ᠪᠠᠢ᠌ᠪᠠᠯ ᠪᠠᠶᠠᠰᠤᠭᠰᠠᠨ ᠲᠡᠶ ᠪᠠᠨ

ᠭᠤᠯᠤᠭᠰᠠᠨ ᠪᠠᠢ᠌ᠪᠠᠯ ᠳᠤᠭᠤᠭᠰᠠᠨ ᠲᠡᠶ ᠪᠠᠨ

ᠭᠠᠭᠴᠠᠬᠠᠨ ᠶᠠᠭᠤ ᠴᠤ ᠥᠯᠡᠳᠡᠭᠡᠯ ᠥᠭᠡᠢ

ᠭᠠᠵᠠᠷ ᠤᠨ ᠮᠤᠬᠤᠷ ᠲᠤ ᠭᠦᠷᠳᠡᠯ᠎ᠡ ᠮᠠᠷᠳᠠ

ᠨᠠᠮ᠎ᠠ ᠶᠢ ᠮᠠᠷᠳᠠ ᠡ

ᠮᠠᠷᠳᠠᠬᠤ ᠳᠤ ᠪᠠᠨ

ᠥᠷᠭᠦᠯᠵᠢ ᠪᠠᠢ᠌ᠳᠠᠭ ᠢᠨᠢᠶᠠᠳᠤ ᠪᠠᠨ

ᠦᠪᠯᠠᠵᠤ ᠮᠥᠩᠭᠡᠷᠡᠭᠦᠯᠵᠤ ᠮᠠᠷᠳᠠ

ᠦᠨᠡᠠᠴᠢ ᠴᠠᠭᠠᠨ ᠰᠠᠨᠠᠭ᠎ᠠ ᠪᠠᠨ

ᠥᠯᠡᠳᠡᠭᠡᠵᠤ ᠬᠠᠢ᠌ᠷᠠᠯᠠᠵᠤ ᠮᠠᠷᠳᠠ

ᠥ ᠦᠭᠡᠶ ᠰᠡᠳᠭᠢᠯ ᠳᠤ ᠪᠠᠨ

ᠭᠦ ᠰᠠᠭᠤᠯᠭᠠᠯ ᠦᠭᠡᠶ ᠮᠠᠷᠳᠠ

ᠭᠡᠰᠡᠨ ᠨᠠᠷ᠎ᠠ ᠶᠢ

ᠡᠷᠭᠢᠵᠤ ᠭᠡᠯᠡᠭᠦ ᠦᠭᠡᠶ ᠮᠠᠷᠳᠠ

ᠡ᠊ᠨᠳᠡ ᠪᠠᠢ᠌ᠭ᠎ᠠ ᠬᠤᠭᠤᠰᠤᠨ ᠢ

ᠡᠭᠦᠷᠢᠳᠡ ᠨᠥᠭᠦᠭᠦ ᠦᠭᠡᠶ ᠮᠠᠷᠳᠠ

ᠭᠡᠨ ᠳᠤ ᠴᠤ ᠪᠢ ᠭᠡᠯᠡᠭᠡ ᠦᠭᠡᠶ ᠴᠤ

ᠭᠡᠵᠢᠶ᠎ᠡ ᠴᠤ ᠮᠢᠨᠤ ᠮᠠᠷᠳᠠᠳᠠᠭ ᠥᠭᠡᠢ

ᠬᠡ ᠵᠠᠩ ᠢ ᠪᠠᠨ ᠯᠠ ᠠᠪᠴᠤ

ᠭᠡᠭᠦᠳᠡᠭ᠌ ᠴᠡᠭᠡᠵᠢᠨ ᠳᠤ ᠮᠢᠨᠢ ᠮᠥᠩᠭᠡᠷᠡᠵᠤ ᠮᠠᠷᠳᠠᠡ

ᠨᠠᠮ᠎ᠠ ᠶᠢ

ᠨᠡᠭᠡᠯᠳᠡ ᠥᠭᠡᠢ

ᠨᠢᠭᠡᠮᠦᠰᠤᠨ

ᠮᠠᠷᠳᠠᠴᠢᠬ᠎ᠠ ᠡ ︕


2009.11.03

ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠣᠩᠨᠢᠭᠤᠳ ᠬᠤᠰᠢᠭᠤ

ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2009 ᠤᠨ ᠤ 12 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ