☆ ᠰᠠᠷ᠎ᠠ
ᠮᠠᠨᠠᠭᠳᠠᠭᠰᠠᠨ ᠴᠤᠭ ᠰᠢᠭ ᠳᠠᠯᠳᠠᠬᠠᠨ ᠮᠦᠷᠦᠭᠡᠳᠦᠯ
ᠰᠡᠮᠡᠷᠡᠭ᠍ᠰᠡᠨ ᠳᠠᠪᠠᠯ ᠰᠢᠭ᠌ ᠨᠤᠤᠷᠠᠬᠠᠢ ᠪᠣᠳᠤᠯ ᠢ
ᠰᠡᠯᠪᠢᠭᠦ ᠣᠳᠠᠰᠤ ᠣᠯᠳᠠᠳᠠᠭ ᠪᠢᠯᠢᠤ
ᠰᠡᠮᠡᠷᠭᠡᠨ ᠣᠷᠤᠰᠳᠠᠭ ᠭᠤᠮᠤᠳᠠᠯ ᠤᠨ ᠨᠢᠯᠪᠣᠰᠤ ᠵᠢ
ᠠᠷᠴᠢᠬᠤ ᠠᠯᠠᠭ᠎ᠠ ᠪᠠᠢ᠌ᠳᠠᠭ ᠪᠢᠯᠢᠤ
ᠭᠦᠰᠡᠯ ᠠᠮᠳᠠᠭᠳᠠᠬᠤ ᠳᠤᠷᠠᠯᠠᠯ ᠤᠨ ᠭᠡ ᠳᠠᠢ
ᠬᠠᠢ᠌ᠷ᠎ᠠ ᠵᠢᠨ ᠰᠢᠭᠦᠳᠡᠷᠢ ᠶᠢ ᠳᠤᠰᠬᠤ ᠭᠡᠵᠤ
ᠭᠡᠭᠡᠷ᠎ᠡ ᠶᠢᠨ ᠵᠠᠳᠠᠭᠠᠢ ᠰᠠᠯᠭᠢᠨ ᠡᠴᠠ
ᠮᠦᠷ ᠶᠢᠡᠨ ᠨᠢᠭᠤᠵᠤ ᠣᠴᠢᠯ᠎ᠠ
ᠨᠠᠮᠤᠷ ᠤᠨ ᠭᠢᠷᠠᠭᠤᠳᠤ ᠦᠷ ᠵᠢᠠᠷ
ᠰᠤᠷᠮᠤᠤᠰᠤ ᠳᠦᠭᠦᠷᠡᠩ ᠴᠠᠩᠬ᠎ᠠ ᠴᠤ
ᠨᠣᠢ᠌ᠳᠠᠨ ᠳᠤᠭᠤᠯ ᠰᠢᠭ᠌ ᠳᠡᠡᠴᠢᠭᠦᠷᠡᠭ᠍ᠰᠡᠨ
ᠨᠤᠭᠳᠤ ᠦᠭᠡᠶ ᠰᠡᠳᠭᠢᠯ ᠶᠢᠡᠨ ᠳᠡᠭᠦᠷᠦᠭᠡᠳ
ᠬᠡᠦᠬᠡᠳ ᠶᠤᠮ ᠰᠢᠭ᠌ ᠭᠡᠨᠡᠨ ᠵᠦᠷᠢᠭᠦᠳᠯᠡᠵᠤ
ᠡᠷᠭᠡ ᠠᠭᠠᠰᠢ ᠵᠢᠭᠠᠭᠠᠤᠨ
ᠭᠦᠭᠡᠷᠦᠭᠦᠢᠯᠡᠵᠤ ᠠᠷᠭᠠᠳᠠᠵᠤ ᠠᠪᠬᠤ ᠶᠢ ᠴᠢᠨᠢ
ᠶᠠᠭᠠᠭᠢᠬᠤ ᠠᠷᠭ᠎ᠠ ᠦᠭᠡᠶ ᠭᠦᠰᠡᠭᠡᠳ
ᠬᠠᠢ᠌ᠯᠠᠭᠠᠨ ᠰᠡᠳᠭᠢᠯ ᠡᠴᠠ ᠪᠠᠨ ᠣᠷᠤᠭᠤ ᠰᠦᠷᠴᠤ
ᠬᠠᠷᠠᠳᠠᠭᠤᠨ ᠥᠭᠡ ᠶᠢ ᠭᠡᠨᠡᠭ᠌ ᠦᠭᠡᠶ ᠶᠠᠷᠢᠭᠠᠤᠨ
ᠬᠠᠷᠠᠯᠠᠭᠤᠯᠤᠭᠰᠠᠨ ᠡᠳᠦᠷ ᠤᠳ ᠲᠤ ᠭᠡᠭᠡ ᠠᠯᠳᠠᠭᠳᠠᠵᠤ
ᠬᠠᠷᠠᠩᠭ᠋ᠤᠢ ᠳᠤ ᠪᠢ ᠨᠢᠳᠤ ᠪᠠᠷ ᠴᠢᠨᠢ ᠯᠠ ᠳᠠᠢ᠌ᠪᠣᠰᠢᠷᠠᠵᠤ
ᠨᠥᠮᠦᠭᠡᠨ ᠨᠥᠮᠦᠷᠦᠭ᠍ᠰᠡᠨ ᠳᠠᠪᠠᠯ ᠤᠨ ᠴᠢᠨᠢ
ᠳᠤᠪᠴᠢ ᠨᠢ ᠪᠣᠯᠵᠤ ᠵᠡᠭᠦᠭ᠍ᠳᠡᠭᠡᠳ
ᠨᠥᠮᠵᠦᠭ᠌ ᠵᠢᠷᠦᠭᠡᠨ ᠤ ᠴᠢᠨᠢ ᠬᠠᠭᠠᠨ ᠰᠠᠭᠤᠳᠠᠯ ᠳ᠋ᠤ
ᠬᠠᠳᠤᠨ ᠶᠤᠮ ᠰᠢᠭ ᠡᠷᠭᠡᠯᠡᠭ᠍ᠰᠡᠨ
ᠵᠡᠭᠦᠳᠤ ᠨᠣᠢ᠌ᠷ ᠤᠨ ᠴᠢᠨᠢ ᠴᠢᠮᠡᠭ᠌ ᠪᠣᠯᠤᠭᠰᠠᠨ
ᠳᠠᠷᠠ ᠯᠠ ᠬᠤᠷᠤᠮ ᠢ ᠨᠡᠭᠡᠨ ᠰᠠᠨᠠᠵᠤ
ᠭᠡᠷᠰᠡᠤ ᠠᠯᠳᠠᠭᠤᠷᠠᠭᠰᠠᠨ ᠥᠭᠡ ᠪᠦᠭᠦᠨ ᠶᠢᠡᠨ
ᠬᠠᠷᠮᠠᠯᠠᠵᠤ ᠠᠪᠣᠭᠠᠤᠨ ᠶᠠᠪᠣᠬᠤ ᠰᠠᠨ
ᠬᠤᠯᠠ ᠶᠢᠨ ᠴᠠᠭᠠᠨ᠎ᠠ ᠡᠴᠠ ᠣᠮᠤᠭᠯᠠᠩ ᠳᠦᠷᠭᠦ
ᠭᠦᠢᠳᠡᠨ ᠵᠢᠪᠠᠷ ᠲᠡᠶ ᠨᠡᠭᠦᠵᠤ ᠶᠠᠪᠣᠨ᠎ᠠ ᠦᠦ
ᠬᠤᠷᠮᠤᠰᠳᠠ ᠶᠢᠨ ᠬᠠᠶᠠᠭ᠎ᠠ ᠶᠢ ᠵᠤᠨ ᠶᠢᠡᠷ ᠴᠠᠩᠳᠤᠭᠤᠯᠵᠤ
ᠬᠠᠭᠢᠷ ᠡᠪᠦᠯ ᠢ ᠭᠠᠠᠵᠤᠭᠠᠯᠠᠵᠤ ᠯᠠ ᠢᠷᠠᠨ᠎ᠠ ᠤᠤ
ᠵᠤᠳ ᠪᠣᠯᠬᠤ ᠦᠭᠡᠶ ᠵᠤᠪᠠᠯᠠᠩ ᠨᠡᠮᠡᠭᠦ ᠥᠭᠡᠢ
ᠵᠠᠭᠤᠷᠠᠬᠠᠨ ᠴᠤ ᠭᠡᠰᠡᠨ ᠵᠠᠢ ᠳᠤ ᠴᠢᠨᠢ ᠪᠠᠭᠳᠠᠵᠤ
ᠵᠤᠯ ᠵᠢᠷᠭᠠᠯ ᠤᠨ ᠳᠤᠷᠭ᠎ᠠ ᠪᠠᠷ ᠱᠠᠩᠬᠤᠯᠠᠭᠰᠠᠨ
ᠵᠤᠤᠵᠠᠢ ᠲᠡᠶ ᠮᠤᠷᠢᠨ ᠤ ᠴᠢᠨᠢ ᠨᠤᠭᠳᠤ ᠨᠢ ᠪᠣᠯᠤᠭᠠᠤᠨ
ᠮᠠᠨᠠᠭᠳᠠᠭᠰᠠᠨ ᠴᠤᠭ ᠰᠢᠭ ᠳᠠᠯᠳᠠᠬᠠᠨ ᠮᠦᠷᠦᠭᠡᠳᠦᠯ
ᠣᠴᠤᠭ ᠤᠨ ᠴᠢᠯᠠᠭᠤ ᠶᠢ ᠭᠠᠯ ᠶᠢᠡᠷ ᠵᠥᠭᠡᠯᠡᠯᠡᠵᠤ
ᠬᠠᠢ᠌ᠷ᠎ᠠ ᠶᠢᠨ ᠳᠤᠯᠭᠠᠨ ᠳᠤ ᠴᠢᠨᠢ ᠴᠤᠴᠠᠯᠢ ᠨᠡᠮᠡᠭᠡᠳ
ᠬᠤᠷᠤᠮᠬᠠᠨ ᠴᠤ ᠭᠡᠰᠡᠨ ᠳᠦᠷᠡᠯᠵᠡᠭᠦ ᠰᠠᠨ᠁
ᠵᠤᠬᠢᠶᠠᠭᠴᠢ ᠶᠢᠨ ᠬᠠᠶᠢᠭ ᠄ ᠣᠯᠭᠠᠠᠬᠠᠳᠠ ᠬᠤᠳᠠ
ᠵᠤᠬᠢᠶᠠᠭᠴᠢ᠄ ᠰᠠᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2011 ᠤᠨ ᠤ 11 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ