ᠨᠡᠪᠲᠡᠷᠡᠨ ᠤᠷᠤᠬᠤ
ᠮᠤᠩᠭ᠋ᠤᠯ ᠪᠣᠯᠵᠤ ᠳᠦᠷᠦᠭ᠍ᠰᠡᠨ ᠶᠤᠮ ᠪᠢ

ᠪᠣᠭᠳᠠ ᠡᠵᠡᠨ ᠴᠢᠩᠭᠢᠰ ᠤᠨ ᠵᠤᠷᠢᠭ ᠢ ᠰᠢᠳᠦᠭᠦ ᠭᠡᠵᠤ ᠮᠤᠩᠭ᠋ᠤᠯ ᠪᠣᠯᠵᠤ ᠳᠦᠷᠦᠭ᠍ᠰᠡᠨ ᠶᠤᠮ ᠪᠢ

ᠪᠣᠷᠬᠠᠨ ᠬᠠᠯᠳᠤᠨ ᠠᠭᠤᠯᠠ ᠳᠠᠭᠠᠨ ᠵᠠᠯᠪᠢᠷᠠᠬᠤ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ

ᠪᠣᠷᠤ ᠰᠠᠷᠠᠯ ᠮᠤᠷᠢᠨ ᠤ ᠪᠠᠨ ᠡᠵᠡᠨ ᠨᠢ ᠪᠣᠯᠬᠤ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ

ᠪᠣᠭᠤᠷᠤᠯ ᠨᠢᠭᠤᠴᠠ ᠳᠤᠪᠴᠢᠶᠠᠨ ᠶᠢᠡᠨ ᠣᠩᠰᠢᠬᠤ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ᠃

ᠠᠭᠤᠳᠠᠮ ᠰᠠᠷᠠᠭᠤᠯ ᠳᠠᠯ᠎ᠠ ᠵᠠᠶᠠᠭᠠᠳᠠᠢ ᠶ‍ᠦᠮ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ

ᠣᠷᠳᠤ ᠶᠢᠨ ᠳᠠᠭᠤᠨ ᠤ ᠭᠢᠨᠢ ᠠᠶᠠᠯᠭᠤ ᠵᠢᠨ ᠲ᠋ᠠᠰᠷᠤᠬᠠᠢ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ

ᠣᠷᠭ᠎ᠠ ᠪᠠᠨ ᠪᠠᠷᠢᠭᠰᠠᠨ ᠠᠪᠣ ᠶᠢᠨ ᠶᠢᠡᠨ ᠭᠦᠤ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ

ᠣᠷᠢᠳᠤ ᠳᠡᠭᠡᠳᠤ ᠴᠢᠩᠭᠢᠰ ᠤᠨ ᠣᠭᠰᠠᠭ᠎ᠠ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ᠃

ᠡᠮᠨᠢᠭ᠌ ᠮᠤᠷᠢᠳ ᠶᠢᠡᠨ ᠰᠤᠷᠭᠠᠭᠠᠬᠤ ᠭᠡᠵᠤ ᠬᠠᠳᠠ ᠰᠢᠭ ᠬᠠᠳᠠᠭᠤ ᠮᠤᠩᠭ᠋ᠤᠯ ᠪᠣᠯᠵᠤ ᠲᠦᠷᠦᠭᠰᠠᠨ ᠶᠤᠮ ᠪᠢ

ᠡᠵᠢ ᠶᠢᠨ ᠶᠢᠡᠨ ᠰᠤᠷᠭᠠᠯ ᠢ ᠭᠦᠷᠳᠡᠭᠦ ᠭᠡᠵᠤ ᠰᠥ᠋ ᠰᠢᠭ᠌ ᠵᠥᠭᠡᠯᠡᠨ ᠮᠤᠩᠭ᠋ᠤᠯ ᠪᠣᠯᠵᠤ ᠲᠦᠷᠦᠭᠰᠠᠨ ᠶᠤᠮ ᠪᠢ

ᠡᠰᠡᠷᠸ᠎ᠡ ᠳᠡᠭ᠍ᠷᠢ ᠡᠴᠡ ᠵᠠᠶᠠᠭᠠᠳᠠᠢ ᠡᠶᠡᠪᠠᠷᠭᠦᠤ ᠰᠠᠢ᠌ᠬᠠᠨ ᠮᠤᠩᠭ᠋ᠤᠯ ᠪᠣᠯᠵᠤ ᠲᠦᠷᠦᠭᠰᠠᠨ ᠶᠤᠮ ᠪᠢ

ᠡᠷᠡᠯᠭᠡᠭ᠌ ᠦᠨᠳᠦᠰᠦᠳᠠᠨ ᠶᠢᠡᠨ ᠮᠠᠠᠳᠤᠭᠤᠯᠬᠤ ᠭᠡᠵᠤ ᠡᠷᠴᠢ ᠵᠤᠷᠢᠭᠳᠠᠢ ᠮᠤᠩᠭ᠋ᠤᠯ ᠪᠣᠯᠵᠤ ᠲᠦᠷᠦᠭᠰᠠᠨ ᠶᠤᠮ ᠪᠢ᠃

ᠳᠤᠭᠰᠢᠨ ᠰᠦᠷᠳᠠᠢ ᠪᠠᠭᠠᠳᠤᠷᠴᠤᠳ ᠶᠢᠡᠨ ᠳᠤᠷᠠᠰᠬᠤ ᠶᠤᠮ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ

ᠳᠤᠪᠳᠤᠯᠬᠤ ᠮᠤᠷᠢᠳ ᠶᠢᠨ ᠳᠤᠭᠤᠰᠤᠨ ᠳᠤᠮᠳᠠ ᠬᠠᠳᠠ ᠰᠢᠭ ᠰᠥᠡᠳᠡᠷᠯᠡᠭᠦ ᠮᠤᠩᠭ᠋ᠤᠯ ᠪᠣᠯᠵᠤ ᠲᠦᠷᠦᠭᠰᠠᠨ ᠶᠤᠮ ᠪᠢ

ᠳᠤᠳᠤᠭᠠᠳᠤ ᠭᠠᠳᠠᠭᠠᠳᠤ ᠳᠤ ᠠᠯᠳᠠᠷ ᠶᠢᠡᠨ ᠮᠠᠠᠳᠤᠭᠤᠯᠬᠤ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ

ᠳᠤᠯᠤᠭᠠᠨ ᠳᠢᠪ ᠤᠨ ᠵᠡᠷᠯᠢᠭ᠌ ᠬᠠᠷᠭᠢᠰ ᠢ ᠨᠤᠮᠤᠬᠠᠳᠭᠠᠬᠤ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ᠃

ᠭᠦᠭ᠍ᠰᠢᠨ ᠪᠣᠭᠤᠷᠤᠯ ᠳᠡᠭᠡᠳᠦᠰ ᠤᠨ ᠶᠢᠡᠨ ᠣᠳᠤᠮ ᠪᠣᠯᠵᠤ ᠭᠦᠭᠡ ᠳᠤᠯᠪᠣᠳᠠᠢ ᠮᠤᠩᠭ᠋ᠤᠯ ᠪᠣᠯᠵᠤ ᠲᠦᠷᠦᠭᠰᠠᠨ ᠶᠤᠮ ᠪᠢ

ᠭᠦᠭᠡᠷᠦᠭᠦᠨ ᠰᠠᠢ᠌ᠬᠠᠨ ᠡᠵᠢ ᠶᠢᠨ ᠶᠢᠡᠨ ᠰᠡᠳᠭᠢᠯ ᠳᠤ ᠭᠦᠭᠡ ᠳᠡᠷᠯᠢᠭ᠌ ᠲᠡᠶ ᠮᠤᠩᠭ᠋ᠤᠯ ᠪᠣᠯᠵᠤ ᠲᠦᠷᠦᠭᠰᠠᠨ ᠶᠤᠮ ᠪᠢ

ᠭᠦᠭᠡᠮᠳᠦᠭ᠌ ᠣᠭᠳᠠᠷᠭᠤᠢ ᠳᠤ ᠳᠡᠭᠦᠯᠢᠭᠦ ᠴᠠᠭᠠᠨ ᠱᠤᠩᠬᠤᠷ ᠶᠢᠡᠨ ᠰᠠᠨᠠᠵᠤ ᠮᠤᠩᠭ᠋ᠤᠯ ᠪᠣᠯᠵᠤ ᠲᠦᠷᠦᠭᠰᠠᠨ ᠶᠤᠮ ᠪᠢ

ᠭᠦᠮᠤᠨ ᠤ ᠣᠷᠴᠢᠯᠠᠩ ᠳᠤ ᠭᠦᠯᠦᠭ᠌ ᠰᠢᠭ᠌ ᠳᠤᠪᠳᠤᠯᠬᠤ ᠶᠤᠮ ᠭᠡᠵᠤ ᠮᠤᠩᠭ᠋ᠤᠯ ᠪᠣᠯᠵᠤ ᠲᠦᠷᠦᠭᠰᠠᠨ ᠶᠤᠮ ᠪᠢ᠃ 


ᠳᠠᠪᠬᠤᠷ᠎ᠠ

ᠰᠢᠷᠠᠭᠴᠢᠨ ᠥᠭᠡᠷ ᠵᠢᠯ ᠤᠨ ᠴᠠᠭᠠᠨ ᠰᠠᠷ᠎ᠠ ᠡᠷᠭᠦᠨ᠎ᠡ ᠬᠤᠳᠠᠨ᠎ᠠ

ᠵᠤᠬᠢᠶᠠᠭᠴᠢ᠄ ᠨᠤ᠋·ᠳᠡᠯᠢᠭᠦᠨ ᠪᠣᠯᠳᠠᠬ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 4339
ᠴᠠᠭ᠄ 2009 ᠤᠨ ᠤ 02 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ