ᠨᠡᠪᠲᠡᠷᠡᠨ ᠤᠷᠤᠬᠤ
ᠠᠩᠬᠠᠨ ᠤ ᠴᠠᠰᠤ

ᠰᠤᠭᠳᠤᠭᠤ ᠡᠷ᠎ᠡ ᠶᠢᠨ ᠥᠭᠡ ᠰᠢᠭ᠌ ᠡᠪᠭᠡᠷᠡᠯᠳᠦᠭ᠍ᠰᠡᠨ ᠡᠭᠦᠯᠡᠨ ᠡᠴᠠ

ᠰᠤᠷᠳᠤᠭᠤ ᠭᠡᠦᠭᠡᠨ ᠤ ᠠᠭᠠᠰᠢ ᠰᠢᠭ ᠰᠠᠯᠭᠢ ᠳᠠᠳᠠᠭᠤᠯᠤᠭᠰᠠᠨ

ᠠᠩᠬᠠᠨ ᠤ ᠴᠠᠰᠤ

ᠠᠷᠤ ᠭᠢᠷ᠎ᠠ ᠶᠢᠨ ᠴᠢᠯᠠᠭᠤ ᠶᠢ ᠳᠠᠰ ᠭᠢᠳᠠᠯ᠎ᠠ

ᠠᠮᠠᠷᠠᠭ ᠬᠤᠶᠠᠷ ᠤᠨ ᠰᠢᠪᠠᠨᠡᠭᠡ ᠶᠢ ᠳᠤᠮᠳᠠ ᠨᠢ ᠴᠠᠷᠴᠠᠳᠠᠯ᠎ᠠ

ᠠᠰᠠᠷ ᠤᠨ ᠴᠤᠩᠬᠤᠨ ᠳᠤ ᠠᠳᠤᠭᠤᠨ ᠵᠢᠷᠤᠭ ᠳᠡᠯᠭᠡᠷᠡᠳᠡᠯ᠎ᠡ

ᠠᠴᠢᠶᠠᠨ ᠤ ᠮᠠᠰᠢᠨ ᠤ ᠭᠦᠷᠳᠤ ᠭᠢᠬᠤᠨᠠᠳᠠᠯ᠎ᠠ

ᠭᠡᠰᠡᠭ᠌ ᠯᠠᠪᠰᠠᠯᠠᠵᠤ ᠭᠡᠰᠡᠭ᠌ ᠪᠦᠮᠪᠦᠷᠢᠵᠤ

ᠭᠡᠰᠢᠭ᠌ ᠪᠣᠶᠠᠨ ᠤ ᠪᠦᠭᠡ ᠰᠢᠭ᠌ ᠪᠠᠭᠤᠵᠤ ᠪᠠᠢ᠌ᠨ᠎ᠠ ᠣᠷᠤᠵᠤ ᠪᠠᠢ᠌ᠨ᠎ᠠ

ᠪᠠᠭᠡᠷᠡᠭ᠍ᠰᠡᠨ ᠭᠦᠮᠦᠰ ᠵᠡᠭᠡᠯᠢ ᠪᠠᠷ ᠳᠡᠭ᠍ᠳᠡᠭᠢᠨᠡᠨ

ᠪᠠᠷᠭᠡᠳᠡᠭ᠍ᠰᠡᠨ ᠮᠦᠴᠢᠷ ᠤᠨ ᠬᠠᠭᠠᠰ ᠨᠢ ᠨᠤᠭᠤᠭᠠᠨ ᠬᠠᠭᠠᠰ ᠨᠢ ᠰᠢᠷ᠎ᠠ

ᠪᠠᠷᠭᠡᠨ ᠭᠦᠮᠤᠨ ᠤ ᠨᠠᠭᠠᠳᠤᠮ ᠰᠢᠭ ᠳᠤᠭᠯᠠᠵᠤ ᠡᠭᠢᠯᠡᠭ᠍ᠰᠡᠨ ᠳᠡᠭ᠍ᠷᠢ

ᠪᠡᠯᠡᠳᠭᠡᠵᠤ ᠠᠮᠵᠢᠭᠰᠠᠨ ᠦᠭᠡᠶ ᠴᠠᠭ ᠡᠴᠠ ᠡᠷᠳᠡ ᠡᠪᠦᠯ

ᠠᠩᠬᠠᠨ ᠤ ᠴᠠᠰᠤ

ᠬᠠᠴᠢᠨ ᠵᠢᠯ ᠤᠨ ᠬᠠᠷ᠎ᠠ ᠡᠯᠴᠢ

ᠬᠠᠴᠢᠷᠬᠠᠭᠰᠠᠨ ᠨᠡᠢ᠌ᠭᠡᠮ ᠤᠨ ᠰᠡᠳᠭᠢᠯ ᠤᠨ ᠰᠡᠭᠦᠷᠡᠰᠤ

ᠬᠠᠷᠢᠨ ᠬᠤᠪᠢᠷᠠᠴᠢᠬᠠᠭᠰᠠᠨ ᠴᠠᠭ ᠠᠭᠤᠷ︕


                     2010 ᠣᠨ ᠤ 9 ᠰᠠᠷ᠎ᠠ ᠶᠢᠨ 21 ᠊ᠨ᠎ᠠ


ᠵᠤᠬᠢᠶᠠᠭᠴᠢ ᠶᠢᠨ ᠬᠠᠶ‍ᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 09 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ