ᠨᠡᠪᠲᠡᠷᠡᠨ ᠤᠷᠤᠬᠤ
ᠡᠪᠦᠯ ᠤᠨ ᠥᠷᠯᠦᠭᠡ

ᠠᠭᠤᠯᠠ ᠶᠢᠨ ᠭᠢᠷ᠎ᠠ ᠪᠠᠷ ᠭᠢᠷᠠᠭᠤ ᠮᠥᠩᠭᠦᠷᠡᠨ

ᠴᠠᠪ ᠴᠡᠯᠮᠡᠭᠦᠨ

ᠣᠳᠠᠨ ᠤ ᠮᠦᠴᠢᠷ ᠨᠠᠪᠴᠢᠰ ᠶᠢᠡᠨ ᠰᠠᠨᠠᠨ

ᠳᠤᠪ ᠳᠤᠭᠤᠢ

ᠴᠠᠢ᠌ᠪᠠᠭᠠᠷ ᠨᠠᠷᠠᠨ ᠠᠭᠤᠯᠠᠨ ᠳᠤᠯᠤᠭᠠᠢ ᠳ᠋ᠤ

ᠪᠦᠮᠪᠦᠭᠡᠨᠡᠨ

ᠴᠠᠰᠤᠳᠤ ᠳᠠᠯ᠎ᠠ ᠪᠠᠷ ᠳᠠᠤᠯᠠᠢ ᠣᠷᠤᠯᠳᠤᠨ

ᠳᠠᠪᠭᠢᠯᠳᠤᠨ᠎ᠠ᠃

ᠬᠤᠷᠯᠤᠤ ᠳᠤᠭᠤᠨᠤᠳᠤ ᠡᠴᠡ ᠣᠳᠤᠭ᠎ᠠ ᠰᠤᠨᠤᠭᠯᠠᠨ

ᠳᠡᠭ᠍ᠷᠢ ᠳᠤ ᠵᠠᠯᠭᠠᠨ᠎ᠠ

ᠬᠤᠯᠠ ᠮᠤᠷᠢᠨ ᠤ ᠴᠢᠭᠢ ᠰᠠᠷᠳᠠᠯᠵᠢᠨ ᠠᠨᠢᠷ

ᠴᠢᠩᠨᠠᠨ᠎ᠠ

ᠠᠳᠤᠭᠤᠴᠢᠨ ᠪᠢ ᠬᠤᠰᠤᠨ ᠣᠷᠭ᠎ᠠ ᠪᠠᠨ ᠣᠶᠠᠭᠠᠨ

ᠳᠡᠭᠡᠷ᠎ᠡ ᠬᠠᠳᠬᠤᠬᠤ ᠳᠤ

ᠠᠭ᠎ᠠ ᠲᠡᠶ ᠴᠠᠢ ᠶᠢᠨ ᠰᠤᠳᠤᠨ ᠦᠨᠦᠷ ᠰᠡᠳᠭᠢᠯ ᠳ᠋ᠤ

ᠰᠠᠩᠭᠢᠨᠠᠨ᠎ᠠ᠃

ᠵᠤᠬᠢᠶᠠᠭᠴᠢ᠄ ᠰᠤᠳᠤᠡᠷᠳᠡᠨᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2919
ᠴᠠᠭ᠄ 2009 ᠤᠨ ᠤ 04 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ