ᠨᠡᠪᠲᠡᠷᠡᠨ ᠤᠷᠤᠬᠤ
ᠡᠭᠡ ᠶᠢᠨ ᠭᠡᠯᠡᠨ

(ᠬᠡᠦᠬᠡᠳ ᠤᠨ ᠰᠢᠯᠦᠭ᠌)

ᠡᠭᠡ ᠶᠢᠨ ᠭᠡᠯᠡ ᠪᠠᠨ ᠰᠤᠷᠬᠤ ᠦᠭᠡᠶ ᠪᠣᠯ

ᠡᠵᠢ ᠡᠴᠠ ᠳᠦᠷᠦᠭ᠍ᠰᠡᠨ ᠤ ᠠᠴᠢ ᠨᠢ ᠶᠠᠭᠤᠨ

ᠡᠷᠳᠡᠮ ᠤᠨ ᠣᠷᠭᠢᠯ ᠳᠤ ᠠᠪᠢᠷᠠᠬᠤ ᠦᠭᠡᠶ ᠪᠣᠯ

ᠡᠩᠭᠡ ᠮᠠᠠᠳᠠ ᠶᠢᠨ ᠬᠠᠷᠢᠭᠤ ᠨᠢ ᠶᠠᠭᠤᠨ︕


ᠦᠷᠢᠶ᠎ᠠ ᠴᠠᠪᠢᠳᠠᠷ ᠶᠢᠡᠨ ᠰᠤᠷᠭᠠᠬᠤ ᠦᠭᠡᠶ ᠪᠣᠯ

ᠦᠷ᠎ᠡ ᠨᠢ ᠪᠣᠯᠤᠭᠰᠠᠨ ᠤ ᠡᠭᠦᠷᠭᠡ ᠨᠢ ᠶᠠᠭᠤᠨ

ᠦᠷᠤᠨ ᠠᠰᠬᠠᠨ ᠦᠭᠡᠶ ᠴᠢᠷᠮᠠᠢ᠌ᠬᠤ ᠦᠭᠡᠶ ᠪᠣᠯ

ᠦᠰᠴᠦ ᠳᠦᠷᠦᠭ᠍ᠰᠡᠨ ᠤ ᠦᠨ᠎ᠡ ᠨᠢ ᠶᠠᠭᠤᠨ︕


ᠳᠤᠷᠤᠮ ᠪᠣᠳᠤᠭᠤ ᠪᠠᠨ ᠳᠤᠭᠯᠠᠭᠤᠯᠬᠤ ᠦᠭᠡᠶ ᠪᠣᠯ

ᠳᠤᠯᠤᠭᠠᠢ ᠥᠡᠳᠡᠢ᠌ᠭ᠍ᠰᠡᠨ ᠤ ᠳᠤᠰᠠ ᠨᠢ ᠶᠠᠭᠤᠨ

ᠳᠤᠭ᠎ᠠ ᠲᠡᠶ ᠥᠰᠦᠭ᠌ ᠶᠢᠡᠨ ᠮᠡᠳᠡᠭᠦ ᠦᠭᠡᠶ ᠪᠣᠯ

ᠳᠤᠮᠤ ᠪᠣᠯᠤᠭᠰᠠᠨ ᠤ ᠳᠡᠮᠳᠡᠭ᠌ ᠨᠢ ᠶᠠᠭᠤᠨ︕


ᠵᠤᠬᠢᠶᠠᠭᠴᠢ ᠶᠢᠨ ᠬᠠ‍‌ᠶᠢᠭ ᠄ ᠄ ᠬᠤᠪᠣᠭᠰᠠᠢ᠌ᠷᠢ ᠰᠢᠶᠠᠨ ᠤ ᠪᠠᠭᠰᠢ ᠶᠢᠨ ᠳᠠᠪᠳᠠᠨ ᠪᠣᠯᠪᠠᠰᠤᠷᠬᠤ ᠰᠤᠷᠭᠠᠭᠤᠯᠢ

ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 12 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ