ᠨᠡᠪᠲᠡᠷᠡᠨ ᠤᠷᠤᠬᠤ
ᠰᠡᠳᠭᠢᠯ ᠤᠨ ᠬᠤᠷ᠎ᠠ

ᠳᠡᠭ᠍ᠷᠢ ᠶᠢᠨ ᠬᠤᠷ᠎ᠠ ᠢᠳᠡᠭᠡᠯ ᠰᠠᠴᠤᠵᠤ ᠰᠠᠮᠠᠷᠠᠨ ᠰᠠᠮᠠᠷᠠᠨ ᠱᠠᠭᠢᠨ᠎ᠠ

ᠰᠡᠳᠭᠢᠯ ᠤᠨ ᠬᠤᠷ᠎ᠠ ᠰᠠᠪᠳᠤᠯ ᠪᠢᠯᠬᠠᠵᠤ ᠣᠶᠠᠷᠠᠨ ᠣᠶᠠᠷᠠᠨ ᠣᠷᠤᠰᠤᠨ᠎ᠠ

ᠳᠢᠪ ᠤᠨ ᠰᠠᠯᠭᠢ ᠡᠷᠭᠡ ᠵᠢᠭᠠᠵᠤ ᠢᠰᠭᠢᠷᠤᠨ ᠢᠰᠭᠢᠷᠤᠨ ᠱᠤᠤᠭᠢᠨ᠎ᠠ

ᠰᠡᠭᠦᠷᠡᠰᠤᠨ ᠰᠠᠯᠭᠢ ᠦᠨᠦᠴᠢᠷᠠᠯ ᠠᠴᠢᠵᠤ ᠠᠯᠳᠠᠯᠠᠨ ᠠᠯᠳᠠᠯᠠᠨ ᠣᠢ᠌ᠯᠤᠨ᠎ᠠ

ᠣᠯᠠᠷᠢᠯ ᠤᠨ ᠰᠢᠪᠠᠭᠤ ᠵᠤᠯᠭᠠᠯᠳᠠ ᠳᠡᠭᠡᠵᠢᠯᠡᠵᠤ ᠣᠷᠮᠠᠰᠢᠨ ᠣᠷᠮᠠᠰᠢᠨ ᠨᠢᠰᠤᠨ᠎ᠡ

ᠣᠤᠭᠠᠯ ᠨᠤᠳᠤᠭ ᠨᠢ ᠬᠠᠢ᠌ᠷ᠎ᠠ ᠢᠪᠢᠯᠭᠡᠵᠤ ᠮᠦᠰᠢᠶᠠᠨ ᠮᠦᠰᠢᠶᠠᠨ ᠪᠠᠷᠠᠯᠠᠨ᠎ᠠ

ᠬᠠᠪᠣᠷ ᠤᠨ ᠬᠠᠢ᠌ᠯ ᠬᠠᠷᠠᠮᠰᠠᠯ ᠡᠪᠦᠷᠯᠡᠵᠤ ᠬᠠᠨ ᠳᠡᠯᠡᠭᠡᠢ ᠳᠤ ᠰᠢᠩᠭᠡᠨ᠎ᠡ

ᠬᠠᠭᠳᠠ ᠨᠤᠭᠤᠭ᠎ᠠ ᠭᠦᠰᠡᠯ ᠳᠡᠯᠭᠡᠵᠤ ᠭᠦᠭᠡ ᠣᠭᠳᠠᠷᠭᠤᠢ ᠶᠢ ᠰᠢᠷᠳᠠᠨ᠎ᠡ

ᠣᠭ ᠤᠨ ᠠᠮᠠᠷᠠᠭ ᠣᠬᠠᠭ᠎ᠠ ᠳᠠᠯᠠᠵᠤ ᠣᠴᠢᠷ ᠲᠡᠶ ᠵᠤᠭᠤᠭ ᠰᠤᠪᠢᠨ᠎ᠠ

ᠣᠷᠢᠳ ᠤᠨ ᠠᠮᠢᠳᠤᠷᠠᠯ ᠵᠠᠶᠠᠭ᠎ᠠ ᠲᠦᠰᠢᠵᠤ ᠦᠯᠮᠠᠢ ᠳᠡᠭᠡᠷ᠎ᠡ ᠪᠠᠨ ᠦᠨᠳᠠᠢ᠌ᠨ᠎ᠡ

ᠰᠡᠳᠭᠢᠯ ᠤᠨ ᠬᠤᠷ᠎ᠠ ᠪᠦᠵᠢᠭᠯᠡᠨ ᠪᠦᠵᠢᠭᠯᠡᠨ ᠵᠦᠷᠢᠭ᠌ ᠳᠠᠮᠵᠢᠵᠤ ᠳᠠᠷᠪᠠᠨ᠎ᠡ

ᠰᠡᠭᠦᠷᠡᠰᠤᠨ ᠰᠠᠯᠭᠢ ᠨᠠᠮᠰᠠᠨ ᠨᠠᠮᠰᠠᠨ ᠥᠡᠳᠦᠷᠯᠢᠭ᠌ ᠡᠷᠢᠵᠤ ᠵᠤᠰᠠᠨ᠎ᠠ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12057
ᠴᠠᠭ᠄ 2013 ᠤᠨ ᠤ 05 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ