ᠨᠡᠪᠲᠡᠷᠡᠨ ᠤᠷᠤᠬᠤ
ᠭᠡᠳᠦᠢ ᠮᠦᠩᠭᠦ ᠲᠡᠶ ᠪᠣᠢ ᠭᠡᠵᠤ ᠪᠢᠳᠡᠭᠡᠢ ᠠᠰᠠᠭᠤ

ᠰᠢᠷᠦᠭᠦᠨ ᠦᠷᠢᠰᠦᠯᠳᠦᠭᠡᠨ ᠤ ᠳᠤᠮᠳᠠ ᠠᠮᠢ ᠴᠦᠯᠠᠵᠤ

ᠰᠦᠨᠢ ᠡᠳᠦᠷ ᠢ ᠢᠯᠭᠠᠯ ᠦᠭᠡᠶ ᠮᠠᠷᠠᠢ᠌ᠵᠤ ᠶᠠᠪᠣᠭ᠎ᠠ ᠭᠦᠮᠦᠰ ᠡᠴᠡ

ᠰᠠᠷ᠎ᠠ ᠳᠤ ᠪᠠᠨ ᠭᠡᠳᠦᠢ ᠴᠠᠯᠢᠩ ᠣᠯᠳᠠᠭ ᠪᠣᠢ ᠭᠡᠵᠤ ᠪᠣᠤ ᠠᠰᠠᠭᠤ

ᠰᠠᠢ᠌ᠬᠠᠨ ᠣᠢ᠌ᠯᠠᠰ ᠭᠡᠳᠡᠭ᠌ ᠪᠣᠯ ᠨᠠᠷᠠᠨ ᠤ ᠳᠤᠤᠷ᠎ᠠ ᠬᠠᠮᠤᠭ ᠡᠴᠠ ᠭᠡᠷᠡᠯᠳᠡᠢ ᠶᠤᠮ

ᠰᠠᠴᠤᠯᠢ ᠡᠷᠭᠦᠵᠤ ᠢᠷᠦᠭᠡᠯ ᠵᠦᠩᠨᠠᠯ ᠶᠢᠡᠨ ᠥᠭ᠌

ᠰᠠᠷᠬᠤᠤᠨ ᠭᠡᠮᠨᠡᠵᠤ ᠰᠢᠨ᠎ᠡ ᠠᠮᠵᠢᠯᠳᠠ ᠶᠢ ᠨᠢ ᠣᠭᠳᠤ

ᠵᠡᠭᠦᠭ᠍ᠰᠡᠨ ᠰᠤᠠᠳᠤᠷ ᠢ ᠨᠢ ᠭᠡᠳᠦᠢ ᠵᠤᠭᠤᠰ ᠪᠣᠢ ᠭᠡᠵᠤ ᠠᠰᠠᠭᠤᠭᠰᠠᠨ ᠴᠤ

ᠵᠢᠦᠡᠭᠦᠯ ᠪᠦᠳᠦᠭᠡᠯ ᠢ ᠨᠢ ᠭᠡᠳᠦᠢ ᠵᠤᠭᠤᠰ ᠪᠣᠢ ᠭᠡᠵᠤ ᠪᠢᠳᠡᠭᠡᠢ ᠳᠡᠨᠡᠭ᠌ ᠶᠠᠭᠤᠮ᠎ᠠ ᠶᠠᠷᠢ

ᠰᠢᠭᠦᠳᠡᠷᠢ ᠪᠠᠷ ᠣᠮᠳᠠᠭᠠᠯᠠᠭᠠᠤᠨ ᠠᠮᠢᠳᠤᠷᠠᠵᠤ ᠪᠣᠯᠬᠤ ᠦᠭᠡᠶ ᠴᠤ

ᠰᠢᠯᠦᠭ᠌ ᠣᠶᠠᠩᠭ᠋ᠠᠯᠠᠭᠠᠤᠨ ᠬᠤᠭᠤᠰᠤᠨ ᠰᠠᠭᠤᠵᠤ ᠪᠣᠯᠳᠠᠭ ᠦᠭᠡᠶ ᠴᠤ

ᠮᠠᠷᠭᠠᠰᠢ ᠶᠢᠨ ᠲᠦᠯᠦᠭᠡᠨ ᠤ ᠭᠦᠰᠡᠯ ᠡᠪᠦᠷᠯᠡᠵᠤ ᠶᠠᠪᠣᠭ᠎ᠠ ᠭᠦᠮᠤᠨ ᠳ᠋ᠤ

ᠮᠠᠠᠳᠤᠬᠤ ᠢᠷᠡᠭᠡᠳᠦᠢ ᠵᠤᠭᠤᠰ ᠤᠨ ᠣᠪᠣᠭ᠎ᠠ ᠪᠠᠷ ᠪᠣᠰᠬᠠᠭᠳᠠᠳᠠᠭ ᠪᠢᠰᠢ

ᠶᠠᠳᠠᠭᠤ ᠪᠣᠯᠪᠠᠴᠤ ᠪᠠᠶᠠᠷᠳᠠᠢ ᠶᠠᠪᠣᠳᠠᠭ ᠭᠦᠮᠤᠨ ᠪᠠᠢ᠌ᠬᠤ ᠯᠠ

ᠶᠠᠠᠳᠠᠰᠢ ᠦᠭᠡᠶ ᠮᠦᠩᠭᠦ ᠲᠡᠶ ᠨᠢ ᠵᠢᠷᠭᠠᠯ ᠦᠭᠡᠶ ᠪᠠᠢ᠌ᠬᠤ ᠨᠢ ᠴᠤ ᠣᠯᠠᠨ

ᠶᠠᠩᠵᠤ ᠶᠢᠨ ᠵᠢᠷᠤᠭ ᠲᠡᠶ ᠳᠠᠷᠠ ᠡᠷᠢᠶᠡᠨ ᠴᠠᠭᠠᠰᠤ ᠴᠢᠨᠢ

ᠶᠠᠭ ᠦᠨᠡᠨ ᠳᠤ ᠪᠠᠨ ᠶᠠᠭᠤ ᠶᠢ ᠴᠤ ᠭᠡᠮᠵᠢᠵᠤ ᠳᠡᠢ᠌ᠯᠭᠦ ᠦᠭᠡᠶ᠃

ᠱᠠᠩᠨᠠᠯ ᠤᠨ ᠬᠤᠠᠳᠠᠭ᠎ᠠ ᠴᠢᠨᠢ ᠭᠡᠳᠦᠢ ᠵᠤᠭᠤᠰ ᠭᠦᠷᠳᠡᠭ᠌ ᠪᠣᠯ ᠭᠡᠵᠤ ᠪᠣᠤ ᠪᠠᠰᠤᠮᠵᠢᠯᠠ

ᠱᠠᠭᠢᠭᠰᠠᠨ ᠪᠣᠷᠤᠭᠠᠨ ᠰᠢᠭ ᠠᠯᠠᠭ᠎ᠠ ᠳᠠᠰᠢᠯᠳᠠ ᠶᠢ ᠮᠦᠩᠭᠦ ᠪᠠᠷ ᠰᠤᠯᠢᠵᠤ ᠳᠡᠢ᠌ᠯᠭᠦ ᠥᠭᠡᠢ

ᠱᠠᠭᠰᠢᠨ ᠮᠠᠭᠳᠠᠭᠰᠠᠨ ᠣᠯᠠᠨ ᠤ ᠨᠢᠳᠤ ᠶᠢ ᠵᠤᠭᠤᠰ ᠮᠢᠯᠢᠶᠠᠵᠤ ᠪᠠᠢ᠌ᠬᠤ ᠪᠢᠰᠢ

ᠰᠢᠠᠳᠠᠷᠠᠰᠢ ᠦᠭᠡᠶ ᠵᠤᠷᠢᠭ᠂ ᠪᠣᠰᠤᠭ᠎ᠠ ᠭᠡᠢ᠌ᠮᠦᠷᠢ ᠶᠢ ᠵᠤᠭᠤᠰ ᠪᠣᠰᠬᠠᠵᠤ ᠪᠠᠢ᠌ᠬᠤ ᠪᠢᠰᠢ

ᠡᠵᠢ ᠠᠪᠣ ᠴᠢᠨᠢ ᠬᠤᠷᠢᠮ ᠳᠤ ᠴᠢᠨᠢ ᠭᠡᠳᠦᠢ ᠵᠤᠭᠤᠰ ᠦᠭ‍ᠭᠦᠭ᠍ᠰᠡᠨ ᠪᠣᠢ ᠭᠡᠵᠤ ᠪᠢᠳᠡᠭᠡᠢ ᠠᠰᠠᠭᠤ

ᠡᠨᠡ ᠪᠠᠶ᠎ᠠ ᠶᠢ ᠳᠦᠷᠦᠭᠦᠯᠦᠭ᠍ᠰᠡᠨ ᠠᠴᠢ ᠶᠢ ᠨᠢ ᠭᠡᠵᠢᠶ᠎ᠡ ᠴᠤ ᠬᠠᠷᠢᠭᠤᠯᠵᠤ ᠳᠡᠢ᠌ᠯᠳᠡᠭ᠌ ᠦᠭᠡᠶ

ᠡᠷ᠎ᠡ ᠨᠥᠭᠦᠷ ᠴᠢᠨᠢ ᠭᠡᠳᠦᠢ ᠵᠤᠭᠤᠰ ᠬᠠᠳᠠᠭᠠᠯᠠᠭᠰᠠᠨ ᠪᠣᠢ ᠭᠡᠵᠤ ᠪᠣᠤ ᠰᠤᠷᠠᠭᠯᠠ

ᠡᠶ᠎ᠡ ᠨᠠᠢ᠌ᠷᠳᠠᠢ ᠠᠮᠢᠳᠤᠷᠠᠯ᠂ ᠬᠠᠢ᠌ᠷ᠎ᠠ ᠰᠡᠳᠭᠢᠯ ᠢ ᠶᠠᠭᠤ ᠪᠠᠷ ᠴᠤ ᠵᠥᠢᠷᠯᠡᠭᠦ ᠦᠭᠡᠶ᠃


2010.8.4


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2010 ᠤᠨ ᠤ 08 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ