☆ ᠬᠢ᠊·ᠮᠥᠩᠭᠡᠪᠠᠶᠠᠷ
ᠮᠠᠨ ᠤ ᠳᠤ ᠠᠢ᠌ᠯᠴᠢᠯᠠᠭᠠᠷᠠᠢ
ᠭᠠᠵᠠᠷ ᠣᠰᠤᠨ ᠤ ᠳᠤᠤᠯᠢ ᠊᠊᠊᠊᠊᠊᠊᠊᠊᠊᠊᠊᠊᠊᠊
ᠭᠠᠯᠠᠪ ᠤᠨ ᠮᠥᠩᠭᠦᠨ ᠴᠡᠴᠡᠭᠡᠢ
ᠭᠦᠯᠢᠶᠡᠵᠤ ᠮᠡᠯᠳᠡᠷᠡᠭᠦ
ᠬᠦᠬᠡᠨᠠᠭᠤᠷ ᠲᠤ ᠮᠢᠨᠢ ᠢᠷᠠᠵᠤ
ᠮᠠᠨ ᠤ ᠳᠤ ᠠᠢ᠌ᠯᠴᠢᠯᠠᠭᠠᠷᠠᠢ︕
ᠥᠡᠳᠦᠷᠯᠢᠭ᠌ ᠤᠨ ᠮᠢᠨᠢ ᠳᠤᠷᠭᠠᠨ ᠭᠢᠯᠢ ᠊᠊᠊᠊᠊᠊᠊᠊᠊᠊᠊᠊᠊᠊᠊
ᠨᠠᠷᠠ ᠰᠠᠷ᠎ᠠ ᠶᠢᠨ ᠭᠦᠳᠦᠯ ᠳᠠᠪᠠᠵᠤ
ᠢᠳᠡᠭᠡᠨ ᠰᠢᠷᠭᠠᠯ ᠳᠠᠷᠠᠰᠤ ᠲᠡᠶ
ᠨᠠᠮᠤᠷ ᠤᠨ ᠡᠭᠢᠨ ᠰᠠᠷ᠎ᠠ ᠳᠤ ᠯᠠ
ᠮᠠᠨ ᠤ ᠳᠤ ᠠᠢ᠌ᠯᠴᠢᠯᠠᠭᠠᠷᠠᠢ︕
ᠴᠠᠭ ᠤᠨ ᠰᠢᠪᠠᠭᠤ ᠵᠢᠷᠭᠢᠭ᠍ᠰᠡᠨ
ᠴᠡᠩᠭᠡᠷ ᠶᠡᠭᠡ ᠭᠤᠪᠢ ᠶᠢᠨ
ᠴᠠᠰᠤᠳᠤ ᠬᠠᠢ᠌ᠷᠬᠠᠨ ᠤ ᠡᠩᠭᠡᠷ ᠳᠠᠭᠢ
ᠴᠠᠢ᠌ᠳᠠᠮ ᠤᠨ ᠬᠤᠳᠤᠭᠤᠷ ᠲᠤ ᠮᠢᠨᠢ ᠢᠷᠠᠵᠤ
ᠮᠠᠨ ᠤ ᠳᠤ ᠠᠢ᠌ᠯᠴᠢᠯᠠᠭᠠᠷᠠᠢ︕
ᠳᠠᠩᠴᠢ ᠬᠤᠯᠠ ᠭᠡᠵᠤ ᠪᠣᠳᠤᠯ ᠦᠭᠡᠶ
ᠳᠡᠯᠡᠭᠡᠢ ᠶᠢᠨ ᠰᠡᠭᠡᠷ ᠳᠡᠭᠡᠷ᠎ᠡ ᠵᠢᠷᠭᠠᠭᠰᠠᠨ
ᠳᠡᠭᠡᠳᠤ ᠮᠤᠩᠭ᠋ᠤᠯ ᠤᠨ ᠮᠢᠨᠢ
ᠳᠡᠷᠭᠡᠯ ᠰᠠᠢ᠌ᠬᠠᠨ ᠭᠦᠳᠡᠭᠡ ᠳᠤ ᠪᠠᠭᠤᠵᠤ
ᠮᠠᠨ ᠤ ᠳᠤ ᠠᠢ᠌ᠯᠴᠢᠯᠠᠭᠠᠷᠠᠢ︕
ᠣᠯᠠᠨ ᠰᠢᠪᠠᠭᠤᠳ ᠤᠨ ᠨᠥᠷᠢᠯᠭᠡᠨ ᠶᠢᠡᠷ
ᠨᠤᠳᠤᠭ ᠣᠰᠤ ᠨᠢ ᠳᠤᠭᠳᠤᠯᠤᠭᠰᠠᠨ
ᠣᠨ ᠵᠢᠯ ᠤᠨ ᠪᠣᠭᠤᠷᠤᠯ ᠳᠤᠮᠤᠭ ᠴᠢᠩᠨᠠᠬᠤ ᠪᠠᠷ
ᠨᠠᠭᠤᠷ ᠤᠨ ᠭᠦᠪᠠᠭᠡᠨ ᠳᠤ ᠭᠦᠷᠦᠭᠡᠰᠡᠢ
ᠮᠠᠨ ᠤ ᠳᠤ ᠠᠢ᠌ᠯᠴᠢᠯᠠᠭᠠᠷᠠᠢ︕
ᠭᠦᠮᠤᠨ ᠤ ᠣᠬᠠᠭᠠᠨ ᠶᠢᠡᠷ ᠳᠡᠯᠭᠡᠷᠡᠭ᠍ᠰᠡᠨ
ᠵᠤᠨ ᠤ ᠳᠤᠰᠤᠨ ᠴᠡᠴᠡᠭ᠌ ᠰᠤᠨᠢᠷᠬᠠᠬᠤ ᠪᠠᠷ
ᠽᠥᠩᠺᠠᠸᠠ ᠶᠢᠨ ᠳᠦᠷᠦᠭ᠍ᠰᠡᠨ ᠨᠤᠳᠤᠭ
ᠭᠦᠮᠪᠦᠮ ᠭᠡᠢ᠌ᠤᠨ ᠶᠢᠡᠷ ᠳᠤᠭᠤᠷᠢᠭᠠᠰᠠᠢ
ᠮᠠᠨ ᠤ ᠳᠤ ᠠᠢ᠌ᠯᠴᠢᠯᠠᠭᠠᠷᠠᠢ︕
ᠨᠠᠷᠠᠳᠤ ᠬᠤᠷᠸ᠎ᠠ ᠳᠤ ᠠᠳᠠᠯᠢᠬᠠᠨ ᠳᠦᠷᠦᠭ᠍ᠰᠡᠨ
ᠨᠢ᠋ᠮᠠᠨ ᠵᠥᠭ᠌ ᠤᠨ ᠨᠠᠢ᠌ᠵᠠ ᠨᠥᠭᠦᠤᠨ ᠮᠢᠨᠢ
ᠮᠥᠩᠭᠡ ᠶᠢᠨ ᠰᠠᠢ᠌ᠬᠠᠨ ᠢᠷᠦᠭᠡᠯ ᠶᠢᠡᠷ
ᠮᠦᠷᠠᠨ ᠤ ᠡᠭᠢᠨ ᠳᠤ ᠠᠭᠤᠯᠵᠠᠭᠠᠰᠠᠢ
ᠮᠠᠨ ᠤ ᠳᠤ ᠠᠢ᠌ᠯᠴᠢᠯᠠᠭᠠᠷᠠᠢ︕
ᠰᠠᠤᠠᠭᠢᠯ ᠤᠨ ᠠᠷᠢᠭᠤᠨ ᠳᠡᠭᠡᠵᠢ ᠊᠊᠊᠊᠊᠊᠊᠊᠊᠊᠊᠊᠊᠊᠊
ᠰᠠᠮᠪᠠᠢ ᠴᠠᠭᠠᠨ ᠬᠠᠳᠠᠭ ᠶᠢᠡᠨ ᠳᠡᠯᠭᠡᠨ
ᠥᠷᠭᠦᠭᠡ ᠭᠡᠷ ᠤᠨ ᠮᠢᠨᠢ ᠬᠣᠢ᠌ᠮᠤᠷ ᠲᠤ
ᠥᠡᠵᠢᠭᠡᠤᠨ ᠰᠠᠭᠤᠵᠤ ᠨᠠᠢ᠌ᠷᠯᠠᠭᠠᠰᠠᠢ
ᠮᠠᠨ ᠤ ᠳᠤ ᠠᠢ᠌ᠯᠴᠢᠯᠠᠭᠠᠷᠠᠢ︕
(《ᠦᠳᠦᠨ ᠴᠠᠭᠠᠨ ᠪᠠᠯᠡᠭ᠌》 ᠳᠡᠭᠦᠪᠦᠷᠢ ᠡᠴᠡ)
ᠵᠤᠬᠢᠶᠠᠭᠴᠢ᠄ ᠬᠢ᠊·ᠮᠥᠩᠭᠡᠪᠠᠶᠠᠷ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3011
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ