ᠨᠡᠪᠲᠡᠷᠡᠨ ᠤᠷᠤᠬᠤ
ᠮᠢᠨᠤ ᠮᠤᠩᠭ᠋ᠤᠯ ᠤᠨ ᠠᠷᠠᠠᠰᠢᠨ

ᠣᠨ ᠣᠨ ᠳᠠᠭᠠᠨ ᠨᠡᠭᠦᠳᠡᠯᠯᠡᠳᠡᠭ᠌ ᠴᠤ

ᠣᠷᠴᠢᠨ ᠠᠬᠤᠢ ᠪᠠᠨ ᠰᠢᠷᠬᠠᠳᠠᠭᠤᠯᠳᠠᠭ ᠥᠭᠡᠢ

ᠣᠳᠤᠷ ᠤᠨ ᠭᠠᠵᠠᠷ ᠡᠴᠠ ᠪᠠᠭᠤᠬᠤ ᠳ᠋ᠠᠭᠠᠨ

ᠣᠶᠠᠭᠠᠨ ᠤ ᠨᠥᠭᠡ ᠪᠠᠨ ᠴᠤ ᠥᠯᠡᠳᠡᠭᠡᠳᠡᠭ᠌ ᠥᠭᠡᠢ

ᠨᠤᠭᠤᠭᠠᠨ ᠣᠢ ᠪᠠᠷ ᠶᠠᠪᠣᠬᠤ ᠳᠠᠭᠠᠨ

ᠨᠠᠮᠠᠭ᠎ᠠ ᠦᠨᠳᠦᠰᠦ ᠶᠢ ᠨᠢ ᠭᠡᠮᠳᠦᠭᠡᠳᠡᠭ᠌ ᠥᠭᠡᠢ

ᠨᠤᠮᠢᠨ ᠳᠠᠯ᠎ᠠ ᠳᠠᠭᠠᠨ ᠠᠮᠢᠳᠤᠷᠠᠬᠤ ᠳᠠᠭᠠᠨ

ᠨᠠᠪᠴᠢ ᠴᠡᠴᠡᠭ᠌ ᠶᠢᠡᠨ ᠰᠥᠢᠦᠡᠭᠡᠳᠡᠭ᠌ ᠥᠭᠡᠢ

ᠵᠢᠭᠦᠷᠳᠡᠨ ᠠᠷᠢᠶᠠᠳᠠᠨ ᠨᠢ ᠠᠷᠪᠢᠨ ᠴᠤ

ᠵᠤᠷᠢᠭ ᠳᠤᠷ᠎ᠠ ᠪᠠᠷ ᠶᠢᠡᠨ ᠠᠩᠨᠠᠳᠠᠭ ᠥᠭᠡᠢ

ᠵᠤᠯᠵᠠᠭ᠎ᠠ ᠦᠷ᠎ᠡ ᠶᠢ ᠨᠢ ᠬᠤᠤᠷᠯᠠᠵᠤ

ᠵᠤᠪᠠᠯᠠᠩ ᠤᠨ ᠳᠠᠭᠤᠨ ᠶᠢᠡᠷ ᠭᠠᠰᠠᠯᠠᠭᠤᠯᠳᠠᠭ ᠥᠭᠡᠢ

ᠡᠨᠡ ᠪᠣᠯ ᠮᠢᠨᠤ ᠮᠤᠩᠭ᠋ᠤᠯ ᠤᠨ ᠪᠣᠯᠪᠠᠰᠤᠨ

ᠡᠨᠡ ᠪᠣᠯ ᠮᠢᠨᠤ ᠮᠤᠩᠭ᠋ᠤᠯ ᠤᠨ ᠠᠷᠠᠠᠰᠢᠨ

ᠪᠣᠵᠠᠷ ᠪᠣᠷᠳᠤᠭ ᠵᠣᠢ᠌ᠯ ᠢ

ᠪᠣᠯᠠᠭ ᠣᠰᠤᠨ ᠳᠠᠭᠠᠨ ᠣᠷᠤᠭᠤᠯᠳᠠᠭ ᠥᠭᠡᠢ

ᠬᠤᠭ ᠦᠨᠡᠰᠤ ᠬᠤᠶᠠᠷ ᠢ

ᠬᠤᠯᠢᠯᠳᠤᠭᠤᠯᠵᠤ ᠴᠤᠭ ᠬᠠᠶᠠᠳᠠᠭ ᠥᠭᠡᠢ

ᠬᠤᠷᠤᠭ᠎ᠠ ᠬᠠᠰᠢᠶᠠᠨ ᠤ ᠪᠠᠨ ᠬᠠᠵᠠᠭᠤ ᠳ᠋ᠤ

ᠬᠤᠵᠢᠷᠯᠢᠭ ᠰᠢᠩᠭᠡᠨ ᠶᠢᠡᠨ ᠳᠠᠯᠪᠢᠳᠠᠭ ᠥᠭᠡᠢ

ᠭᠡᠷᠡᠭ᠍ᠰᠡᠯ ᠪᠠᠭᠠᠵᠢ ᠤᠨ ᠶᠢᠡᠨ ᠳᠡᠭᠡᠭᠦᠷ

ᠭᠦᠯ ᠰᠤᠩᠭ᠋ᠠᠵᠤ ᠠᠯᠬᠤᠳᠠᠭ ᠥᠭᠡᠢ

ᠭᠦᠰᠡᠷ ᠣᠨᠠᠭᠰᠠᠨ ᠰᠠᠪᠠ ᠶᠢᠨ ᠵᠠᠬ᠎ᠠ ᠪᠠᠷ

ᠬᠠᠢ᠌ᠬᠤᠷᠤᠯ ᠦᠭᠡᠶ ᠥᠩᠭᠡᠷᠡᠳᠡᠭ᠌ ᠥᠭᠡᠢ

ᠠᠯᠢ ᠮᠠᠭᠤᠬᠠᠢ ᠥᠭᠡ ᠪᠠᠷ

ᠠᠳᠤᠭᠤ ᠮᠠᠯ ᠶᠢᠡᠨ ᠴᠤ ᠬᠠᠷᠢᠶᠠᠳᠠᠭ ᠥᠭᠡᠢ

ᠡᠨᠡ ᠪᠣᠯ ᠮᠢᠨᠤ ᠮᠤᠩᠭ᠋ᠤᠯ ᠤᠨ ᠪᠦᠯᠪᠠᠰᠤᠨ

ᠡᠨᠡ ᠪᠣᠯ ᠮᠢᠨᠤ ᠮᠤᠩᠭ᠋ᠤᠯ ᠤᠨ ᠠᠷᠠᠠᠰᠢᠨ

ᠢᠳᠠᠵᠤ ᠣᠤᠭᠤᠬᠤ ᠶᠢᠨ ᠴᠠᠭ ᠳᠤ

ᠢᠷᠸ᠎ᠠ ᠮᠠᠭᠤ ᠶᠢ ᠳᠤᠷᠠᠳᠳᠠᠭ ᠥᠭᠡᠢ

ᠶᠡᠭᠡ ᠭᠦᠮᠤᠨ ᠤ ᠥᠭᠡᠨ ᠤ ᠳᠤᠮᠳᠠ

ᠪᠠᠭᠠᠴᠤᠤᠯ ᠭᠦᠮᠤᠨ ᠨᠢ ᠥᠭᠡ ᠨᠡᠮᠡᠳᠡᠭ᠌ ᠥᠭᠡᠢ

ᠠᠢ᠌ᠯᠴᠢᠯᠠᠵᠤ ᠢᠷᠡᠭ᠍ᠰᠡᠨ ᠡᠳᠡᠭᠡᠳ ᠳᠡᠭᠡᠨ

ᠠᠳᠤᠷᠢᠶᠠᠳᠤ ᠴᠢᠷᠠᠢ ᠥᠵᠡᠭᠦᠯᠳᠡᠭ᠌ ᠥᠭᠡᠢ

ᠦᠷᠦᠭᠡᠯ ᠪᠣᠰᠤᠳ ᠲᠡᠶ ᠶᠠᠷᠢᠯᠴᠠᠬᠤ ᠳ᠋ᠤ

ᠥᠭᠡᠨ ᠤ ᠪᠠᠷᠢᠭᠤᠯ ᠳᠠᠰᠤᠯᠳᠠᠭ ᠥᠭᠡᠢ

ᠭᠦᠮᠤᠨ ᠲᠡᠶ ᠭᠡᠢ᠌ᠴᠢᠨ ᠲᠡᠶ ᠦᠶ᠎ᠡ ᠳ᠋ᠤ

ᠬᠡᠦᠬᠡᠳ ᠵᠢᠭᠠᠯ ᠶᠢᠡᠨ ᠠᠭᠰᠤᠷᠳᠠᠭ ᠥᠭᠡᠢ

ᠬᠤᠯᠠ ᠤᠢ᠌ᠷ᠎ᠡ ᠶᠢᠨ ᠵᠤᠴᠢᠨ ᠲᠡᠶ ᠴᠠᠭ

ᠬᠤᠭ ᠳᠤᠭᠤᠰᠤ ᠪᠠᠨ ᠴᠡᠪᠠᠷᠯᠡᠳᠡᠭ᠌ ᠥᠭᠡᠢ

ᠡᠨᠡ ᠪᠣᠯ ᠮᠢᠨᠤ ᠮᠤᠩᠭ᠋ᠤᠯ ᠤᠨ ᠪᠦᠯᠪᠠᠰᠤᠨ

ᠡᠨᠡ ᠪᠣᠯ ᠮᠢᠨᠤ ᠮᠤᠩᠭ᠋ᠤᠯ ᠤᠨ ᠠᠷᠠᠠᠰᠢᠨ

ᠠᠬᠠᠰ ᠵᠠᠬᠠᠰ ᠶᠢᠡᠨ ᠭᠦᠡᠳᠦᠳᠭᠡᠭᠦ ᠵᠢ

ᠠᠩᠭ᠎ᠠ ᠬᠡᠦᠬᠡᠳ ᠡᠴᠠ ᠨᠢ ᠰᠤᠷᠭᠠᠵᠤ

ᠠᠴᠢᠷ ᠦᠷ᠎ᠡ ᠪᠠᠨ ᠬᠠᠢ᠌ᠷᠠᠯᠠᠬᠤ ᠵᠢ

ᠠᠬᠠᠮᠠᠤᠨ ᠳᠡᠭᠡᠳᠤ ᠨᠢ ᠠᠩᠬᠠᠷᠳᠠᠭ

ᠠᠢ᠌ᠯ ᠠᠢ᠌ᠮᠠᠭ ᠶᠢᠡᠨ ᠳᠤᠰᠠᠯᠠᠯᠴᠠᠬᠤ ᠵᠢ

ᠠᠷᠢᠭᠤᠨ ᠬᠠᠷᠢᠭᠤᠴᠠᠯᠭ᠎ᠠ ᠪᠠᠨ ᠪᠣᠯᠭᠠᠵᠤ

ᠠᠬ᠎ᠠ ᠳᠡᠭᠦᠤ ᠶᠢᠨ ᠰᠠᠢ᠌ᠨ ᠢ ᠴᠡᠭᠡᠵᠢᠯᠡᠵᠤ

ᠠᠴᠢ ᠶᠢ ᠨᠢ ᠬᠠᠷᠢᠭᠤᠯᠬᠤ ᠶᠢ ᠮᠠᠷᠳᠠᠳᠠᠭ ᠥᠭᠡᠢ

ᠠᠠᠳᠠ ᠨᠥᠭᠦᠤᠨ ᠤᠨ ᠶᠢᠡᠨ ᠪᠣᠷᠤᠭᠤ ᠶᠢ

ᠠᠷᠤ ᠬᠣᠢ᠌ᠨ᠎ᠠ ᠨᠢ ᠮᠠᠭᠤᠯᠠᠳᠠᠭ ᠥᠭᠡᠢ

ᠠᠯᠳᠠᠭ᠎ᠠ ᠳᠤᠳᠠᠭᠳᠠᠯ ᠭᠠᠷᠭᠠᠪᠠᠯ

ᠠᠰ ᠤᠨ ᠨᠢᠭᠤᠷ ᠲᠤ ᠨᠢ ᠢᠳᠬᠠᠴᠢᠬᠠᠳᠠᠭ

ᠡᠨᠡ ᠪᠣᠯ ᠮᠢᠨᠤ ᠮᠤᠩᠭ᠋ᠤᠯ ᠤᠨ ᠪᠣᠯᠪᠠᠰᠤᠨ

ᠡᠨᠡ ᠪᠣᠯ ᠮᠢᠨᠤ ᠮᠤᠩᠭ᠋ᠤᠯ ᠤᠨ ᠠᠷᠠᠠᠰᠢᠨ

ᠦᠷᠦᠭᠡᠯ ᠤᠨ ᠭᠡᠷ ᠶᠢᠡᠷ ᠠᠢ᠌ᠯᠴᠢᠯᠠᠬᠤ ᠳ᠋ᠤ

ᠡᠳ᠋ ᠶᠠᠭᠤᠮ᠎ᠠ ᠶᠢ ᠨᠢ ᠭᠦᠳᠡᠯᠭᠡᠳᠡᠭ᠌ ᠥᠭᠡᠢ

ᠦᠷᠦᠭᠡ ᠪᠦᠭᠦᠨ ᠶᠢᠡᠷ ᠨᠢ ᠳᠤᠭᠤᠷᠢᠵᠤ

ᠦᠯᠠᠯᠵᠠᠵᠤ ᠪᠠᠢ᠌ᠳᠠᠭ ᠢ ᠨᠢ ᠰᠢᠡᠵᠢᠳᠡᠭ᠌ ᠥᠭᠡᠢ

ᠪᠣᠰᠴᠤ ᠰᠠᠭᠤᠬᠤ ᠪᠠᠨ ᠴᠤ ᠭᠢᠴᠢᠶᠠᠵᠤ

ᠪᠣᠯᠪᠠᠰᠤᠨ ᠢ ᠣᠠᠴᠠ ᠠᠩᠬᠠᠷᠳᠠᠭ

ᠥᠭᠡ ᠭᠡᠯᠡ ᠪᠠᠨ ᠴᠤ ᠭᠡᠷᠰᠤᠯᠡᠵᠤ

ᠡᠭᠦᠷᠢᠳᠡ ᠶᠢᠨ ᠨᠠᠢ᠌ᠷᠰᠠᠭ ᠢ ᠪᠣᠳᠤᠯᠭᠢᠯᠠᠳᠠᠭ

ᠵᠠᠮ ᠤᠨ ᠭᠦᠮᠤᠨ ᠲᠡᠶ ᠣᠴᠠᠷᠠᠪᠠᠴᠤ

ᠵᠦᠢ᠌ ᠲᠡᠶ ᠶᠠᠷᠢᠶ᠎ᠠ ᠲᠡᠶ ᠥᠩᠭᠡᠷᠡᠳᠡᠭ᠌

ᠵᠤᠪᠠᠯᠠᠩ ᠳᠤ ᠳᠤᠯᠭᠠᠷᠠᠭᠰᠠᠤᠨ ᠢ ᠦᠵᠡᠪᠠᠯ

ᠵᠠᠢ᠌ᠯᠠᠯ ᠦᠭᠡᠶ ᠳᠤᠰᠠ ᠭᠢᠳᠡᠭ᠌

ᠡᠨᠡ ᠪᠣᠯ ᠮᠢᠨᠤ ᠮᠤᠩᠭ᠋ᠤᠯ ᠤᠨ ᠪᠣᠯᠪᠠᠰᠤᠨ

ᠡᠨᠡ ᠪᠣᠯ ᠮᠢᠨᠤ ᠮᠤᠩᠭ᠋ᠤᠯ ᠤᠨ ᠠᠷᠠᠠᠰᠢᠨ

ᠪᠢᠴᠢᠭ᠌ ᠨᠤᠮ ᠤᠨ ᠳᠤᠯᠤᠭᠠᠢ ᠵᠢ

ᠣᠷᠤᠭᠤ ᠬᠠᠠᠳᠤᠭᠤᠯᠵᠤ ᠪᠠᠷᠢᠳᠠᠭ ᠥᠭᠡᠢ

ᠪᠢᠷ ᠴᠠᠭᠠᠰᠤ ᠶᠢᠨ ᠵᠣᠢ᠌ᠯ ᠢ

ᠡᠷᠦᠢ ᠬᠤᠷᠤᠢ ᠦᠭᠡᠶ ᠬᠠᠶᠠᠳᠠᠭ ᠥᠭᠡᠢ

ᠢᠷᠠᠵᠤ ᠶᠠᠪᠣᠭ᠎ᠠ ᠭᠦᠮᠤᠨ ᠤ ᠵᠥᠭ᠌

ᠨᠢᠰᠤ ᠨᠢᠯᠪᠣᠰᠤ ᠪᠠᠨ ᠨᠢᠭᠢᠳᠡᠭ᠌ ᠥᠭᠡᠢ

ᠢᠷ ᠲᠡᠶ ᠥᠵᠦᠭᠦᠷ ᠲᠡᠶ ᠵᠣᠢ᠌ᠯ ᠢ

ᠢᠷ ᠢ ᠨᠢ ᠬᠠᠠᠳᠤᠭᠤᠯᠵᠤ ᠳᠠᠮᠵᠢᠭᠤᠯᠳᠠᠭ ᠥᠭᠡᠢ

ᠳᠠᠨᠢᠬᠤ ᠳᠠᠨᠢᠬᠤ ᠦᠭᠡᠶ ᠠᠢ᠌ᠯ ᠳ᠋ᠤ

ᠳᠠᠰᠢᠭᠤᠷ ᠶᠢᠡᠨ ᠪᠠᠷᠢᠵᠤ ᠣᠷᠤᠳᠠᠭ ᠥᠭᠡᠢ

ᠳᠤᠭᠤᠷᠢᠵᠤ ᠣᠴᠢᠬᠤ ᠠᠢ᠌ᠯ ᠳ᠋ᠠᠭᠠᠨ

ᠳᠤᠭᠢᠶ᠎ᠠ ᠴᠢᠮᠡᠭᠡ ᠦᠭᠡᠶ ᠪᠠᠭᠤᠳᠠᠭ ᠥᠭᠡᠢ

ᠡᠨᠡ ᠪᠣᠯ ᠮᠢᠨᠤ ᠮᠤᠩᠭ᠋ᠤᠯ ᠤᠨ ᠪᠣᠯᠪᠠᠰᠤᠨ

ᠡᠨᠡ ᠪᠣᠯ ᠮᠢᠨᠤ ᠮᠤᠩᠭ᠋ᠤᠯ ᠤᠨ ᠠᠷᠠᠠᠰᠢᠨ

ᠡᠷ᠎ᠡ ᠶᠢᠨ ᠵᠡᠷᠭᠡ ᠳᠤ ᠭᠦᠷᠭᠦ ᠦᠭᠡᠶ ᠪᠣᠯ

ᠠᠷᠢᠭᠢ ᠳᠠᠮᠠᠭᠢ ᠳᠠᠳᠠᠳᠠᠭ ᠥᠭᠡᠢ

ᠡᠵᠢ ᠠᠪᠣ ᠶᠢᠨ ᠶᠢᠡᠨ ᠥᠭᠡᠳᠡ ᠡᠴᠠ

ᠠᠭᠰᠤᠷᠴᠤ ᠵᠠᠩᠳᠤᠷᠴᠤ ᠶᠠᠷᠢᠳᠠᠭ ᠥᠭᠡᠢ

ᠵᠢᠷᠭᠠᠵᠤ ᠴᠡᠩᠭᠡᠭᠦ ᠶᠢ ᠭᠦᠭᠡᠭᠡᠴᠡᠯᠳᠦᠵᠤ

ᠵᠠᠯᠬᠠᠭᠤ ᠰᠠᠮᠠᠭᠤᠨ ᠶᠠᠪᠣᠳᠠᠭ ᠥᠭᠡᠢ

ᠦᠪᠡᠷ ᠪᠣᠰᠤᠳ ᠤᠨ ᠭᠦᠯᠦᠰᠤ ᠭᠦᠴᠤ ᠵᠢ

ᠠᠷᠪᠢᠯᠠᠬᠤ ᠶᠢ ᠮᠡᠳᠡᠭᠦ ᠦᠭᠡᠶ ᠪᠦᠷᠢᠯᠭᠡᠳᠡᠭ᠌ ᠥᠭᠡᠢ

ᠡᠷᠳᠡᠮ ᠶᠡᠭᠡ ᠲᠡᠶ ᠭᠦᠮᠤᠨ ᠪᠣᠯᠤᠭᠰᠠᠨ ᠴᠤ

ᠡᠷᠳᠡᠢ᠌ᠵᠤ ᠶᠡᠭᠡᠷᠭᠡᠵᠤ ᠠᠭᠠᠰᠢᠯᠠᠳᠠᠭ ᠥᠭᠡᠢ

ᠡᠪ ᠵᠤᠭᠢᠴᠠᠯ ᠢ ᠪᠠᠳᠤᠯᠠᠬᠤ ᠵᠢ

ᠡᠭᠦᠷᠢᠳᠡ ᠶᠢᠨ ᠵᠠᠩᠰᠢᠯ ᠶᠢᠡᠨ ᠪᠤᠯᠭᠠᠳᠠᠭ

ᠡᠨᠡ ᠪᠣᠯ ᠮᠢᠨᠤ ᠮᠤᠩᠭ᠋ᠤᠯ ᠤᠨ ᠪᠣᠯᠪᠠᠰᠤᠨ

ᠡᠨᠡ ᠪᠣᠯ ᠮᠢᠨᠤ ᠮᠤᠩᠭ᠋ᠤᠯ ᠤᠨ ᠠᠷᠠᠠᠰᠢᠨ


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ