ᠨᠡᠪᠲᠡᠷᠡᠨ ᠤᠷᠤᠬᠤ
ᠦᠢᠯᠡᠰ ᠤᠨ ᠦᠨᠳᠦᠷ ᠨᠠᠷᠠ

ᠨᠢᠭᠡ


ᠣᠳᠤᠨ ᠮᠦᠰᠢᠶᠡᠵᠤ ᠠᠳᠤᠭᠤᠨ ᠥᠤᠷᠰᠡᠬᠦ ᠦᠳᠡᠰᠢ ᠶᠢᠨ ᠰᠡᠯᠡᠭᠦᠨ᠎ᠡ ᠰᠢᠯᠦᠭ᠌ ᠵᠤᠬᠢᠶᠡᠯ ᠱᠡᠭᠠᠢ᠌ᠨ ᠰᠡᠭᠤᠬᠤ ᠳᠤ ᠣᠢ ᠰᠠᠷᠠᠯ ᠤᠨ ᠮᠢᠨᠢ ᠣᠷᠤᠨ ᠵᠠᠢ ᠳᠤ ᠪᠠᠭᠰᠢ ᠳᠠ ᠊᠊᠊᠊᠊᠊᠊᠊᠊᠊᠊᠊᠊᠊ ᠣᠩᠭ᠋ᠤᠨ ᠬᠠᠢ᠌ᠷ᠎ᠠ ᠶᠢᠨ ᠮᠢᠨᠢ ᠰᠦᠯᠳᠡ ᠪᠣᠯᠤᠨ ᠰᠥᠡᠳᠡᠷᠯᠡᠨ᠎ᠡ᠃


ᠬᠤᠶᠠᠷ


ᠪᠣᠳᠤᠭᠤ ᠰᠢᠭ ᠭᠦᠭᠡᠷᠦᠭᠦᠨ ᠠᠩᠭ᠋᠎ᠠ ᠪᠠᠢ᠌ᠬᠤ ᠳᠤ ᠡᠵᠢ ᠭᠦᠮᠤᠨ ᠪᠠᠭᠰᠢ᠂ ᠤᠬᠠᠭᠠᠨ ᠪᠣᠳᠤᠯ ᠪᠦᠷᠢᠦᠡᠭᠦ ᠡᠴᠡ ᠪᠠᠭᠰᠢ ᠭᠦᠮᠤᠨ ᠡᠵᠢ᠃ ᠡᠵᠢ ᠪᠠᠭᠰᠢ ᠬᠤᠶᠠᠷ ᠢᠭᠡᠷ᠎ᠡ ᠮᠠᠠᠳᠤᠭᠰᠠᠨ ᠨᠠᠷᠠ᠂ ᠡᠷᠭᠢᠭᠦ ᠪᠦᠳᠤᠨ ᠬᠤᠷᠸ᠎ᠠ ᠳᠤ ᠡᠨᠡᠷᠢᠯ ᠳᠡᠪᠠᠷᠢᠭ᠍ᠰᠡᠨ ᠬᠤᠯᠪᠣᠭ᠎ᠠ᠃


ᠭᠤᠷᠪᠠ


ᠲᠦᠷᠦᠵᠤ ᠥᠭᠦᠭᠦ ᠠᠮᠢᠳᠤᠷᠠᠯ ᠤᠨ ᠥᠷᠳᠡᠭᠡ ᠵᠠᠯᠭᠠᠭᠰᠠᠨ ᠬᠤᠷᠤᠮ ᠳᠤ ᠳᠦᠷᠦᠭᠡᠯᠡᠵᠤ ᠮᠤᠷᠳᠠᠬᠤ ᠣᠢ᠌ᠯᠠᠰ ᠤᠨ ᠰᠤᠪᠣᠷᠭ᠎ᠠ ᠪᠣᠰᠬᠠᠭᠰᠠᠨ ᠣᠷᠤᠮ ᠊᠊᠊᠊᠊᠊᠊᠊᠊᠊᠊᠊᠊ ᠪᠠᠭᠰᠢ ᠭᠦᠮᠤᠨ ᠤ ᠰᠠᠨᠠᠭ᠎ᠠ ᠭᠡᠵᠤ ᠰᠠᠷᠭᠠᠢ ᠴᠡᠴᠡᠭ᠌ ᠰᠢᠭ᠌ ᠭᠤᠶᠤᠬᠠᠨ᠂ ᠰᠠᠷᠠᠨ ᠤ ᠭᠡᠷᠡᠯ ᠰᠢᠭ᠌ ᠴᠡᠪᠠᠷᠭᠡᠨ᠃


ᠳᠦᠷᠪᠡ


ᠣᠳᠤᠳᠤ ᠳᠡᠭ᠍ᠷᠢ ᠪᠠᠨ ᠠᠵᠢᠪᠠᠯ ᠣᠴᠢᠷ ᠪᠦᠭᠦᠨ ᠢ ᠮᠡᠳᠡᠴᠢᠭᠡᠨ᠎ᠡ᠂ ᠰᠤᠶᠤᠯ ᠲᠡᠶ ᠭᠦᠮᠤᠨ ᠰᠦᠨᠢ ᠶᠢᠨ ᠭᠦᠨ ᠳᠤ ᠳᠦᠭᠡᠷᠢᠳᠡᠭ᠌ ᠦᠭᠡᠶ᠃ ᠰᠤᠳᠤᠷ ᠨᠤᠮ ᠶᠢᠡᠨ ᠣᠷᠪᠠᠭᠤᠯᠪᠠᠯ ᠶ‍ᠢᠷᠳᠢᠠᠴᠤ ᠶᠢᠨ ᠭᠡᠷᠡᠭ᠌ ᠳᠤᠳᠤᠷᠠᠴᠢᠬᠠᠨ᠎ᠠ᠂ ᠰᠤᠶᠤᠯ ᠲᠡᠶ ᠭᠦᠮᠤᠨ ᠰᠠᠤᠠᠭᠢᠯ ᠳᠤᠮᠳᠠ ᠪᠠᠨ ᠭᠠᠭᠴᠠᠭᠠᠷᠳᠠᠳᠠᠭ ᠦᠭᠡᠶ ︕ ᠪᠠᠭᠰᠢ ᠭᠦᠮᠤᠨ ᠤ ᠭᠠᠪᠢᠶ᠎ᠠ ᠠᠭᠤᠯᠠ ᠬᠠᠢ᠌ᠷᠬᠠᠨ ᠡᠴᠡ ᠦᠨᠳᠦᠷ᠂ ᠣᠰᠤ ᠮᠦᠷᠠᠨ ᠡᠴᠡ ᠭᠦᠨ᠃


ᠳᠠᠪᠣ


ᠳᠦᠭᠡᠯᠡᠭᠦ ᠪᠠᠶ᠎ᠠ ᠳᠤᠭᠠᠯᠠᠬᠤ ᠨᠠᠰᠤᠨ ᠳᠤ ᠠᠮᠢ ᠶᠠᠭᠤᠨ ᠡᠴᠡ ᠴᠤ ᠡᠷᠭᠢᠮ ᠴᠢᠬᠤᠯᠠ᠂ ᠭᠦᠭ᠍ᠵᠢᠭᠦ ᠢᠷᠡᠭᠡᠳᠦᠢ ᠭᠦᠵᠢ ᠳᠡᠯᠡᠭᠡᠢ ᠳᠤ ᠪᠠᠭᠰᠢ ᠬᠦᠮᠤᠨ ᠬᠠᠮᠤᠭ ᠡᠴᠡ ᠢᠷᠠᠭᠤ ᠠᠯᠳᠠᠷ ᠲᠡᠶ᠃

ᠵᠤᠬᠢᠶᠠᠭᠴᠢ᠄ ᠴᠢ᠊ · ᠮᠠᠨᠳᠤᠯ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6168
ᠴᠠᠭ᠄ 2008 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ