☆ ᠨ·ᠷᠢᠠᠴᠢᠨ
ᠭᠦᠭ᠍ᠳᠡᠢ ᠯᠠ ᠶᠠᠭᠤᠮ᠎ᠠ
ᠢᠷᠡᠭᠡᠳᠦᠢ ᠳᠤ ᠨᠤᠶᠠᠨ ᠰᠢᠷᠡᠭᠡ ᠵᠠᠯᠭᠠᠬᠤ ᠴᠤᠤᠬᠠᠯ ᠭᠡᠵᠤ ᠣᠳᠤ ᠶᠢᠨ xx ᠬᠤᠰᠢᠭᠤ ᠨᠤᠶᠠᠨ ᠤ ᠭᠦᠤ ᠶᠤᠮ᠃ ᠡᠵᠢ ᠶᠢᠨ ᠭᠡᠪᠠᠯᠢ ᠡᠴᠠ ᠭᠦᠮᠤᠨ ᠤ ᠣᠷᠴᠢᠯᠠᠩ ᠳᠤ ᠢᠷᠡᠭᠦ ᠳᠡᠭᠡᠨ ᠬᠤᠶᠠᠷ ᠰᠠᠷ᠎ᠠ ᠡᠷᠳᠡᠯᠡᠭ᠍ᠰᠡᠨ ᠣᠴᠢᠷ ᠪᠠᠯᠴᠢᠷ ᠪᠠᠭ᠎ᠠ ᠳᠠᠭᠠᠨ ᠵᠢᠭ᠍ᠵᠢᠭᠡᠷ ᠵᠢᠭᠠᠬᠠᠨ ᠪᠠᠶ᠎ᠠ ᠲᠡᠶ ᠪᠠᠢ᠌ᠵᠤ᠂ ᠡᠮᠡᠭᠡ ᠡᠵᠢ ᠨᠢ ᠴᠤᠤᠬᠠᠯ ᠭᠡᠮᠡᠨ ᠡᠩᠭᠦᠷᠡᠢ᠌ᠯᠡᠵᠤ ᠳᠠᠭᠤᠳᠠᠭᠰᠠᠭᠠᠷ ᠪᠠᠢ᠌ᠭᠠᠤᠨ ᠠᠪᠣ ᠶᠢᠨ ᠭᠢᠨᠢ ᠦᠭᠭᠦᠭ᠍ᠰᠡᠨ ᠠᠯᠳᠠᠠᠬᠤᠶᠠᠭ ᠭᠡᠭᠦ ᠰᠠᠢ᠌ᠬᠠᠨ ᠨᠠᠷᠠ ᠶᠢ ᠨᠢ ᠳᠠᠭᠤᠳᠠᠬᠤ ᠭᠦᠮᠤᠨ ᠦᠭᠡᠶ ᠪᠣᠯᠵᠠᠢ᠃ ᠴᠤᠤᠬᠠᠯ ᠬᠠᠷᠠᠬᠠᠨ ᠪᠠᠭ᠎ᠠ ᠡᠴᠠ ᠪᠠᠨ ᠡᠴᠢᠭᠡ ᠨᠤᠶᠠᠨ ᠤ ᠪᠠᠨ ᠠᠯᠳᠠᠷ ᠨᠠᠷᠠ ᠶᠢᠨ ᠳᠤᠬᠠᠢ ᠰᠤᠷᠭᠠᠯ ᠢ ᠭᠦᠷᠳᠡᠵᠤ ᠦᠰᠦᠭ᠍ᠰᠡᠨ ᠪᠦᠭᠡᠳ ᠪᠦᠷ ᠰᠡᠭᠦᠯᠳᠡᠵᠤ ᠡᠴᠢᠭᠡ ᠨᠢ 《ᠠᠯᠳᠠᠷ ᠨᠠᠷᠠ ᠶᠢᠨ ᠲᠦᠯᠦᠭᠡ ᠠᠯᠳᠠ ᠶᠢ ᠴᠤ ᠬᠠᠢ᠌ᠷᠠᠯᠠᠵᠤ ᠪᠣᠯᠬᠤ ᠦᠭᠡᠶ》 ᠭᠡᠵᠤ ᠰᠤᠷᠭᠠᠳᠠᠭ ᠪᠠᠢ᠌ᠪᠠ᠃
ᠳᠡᠩᠳᠡᠭᠦᠤ ᠡᠷᠭᠡ ᠦᠰᠦᠭ᠍ᠰᠡᠨ ᠪᠣᠯᠬᠤᠷ ᠣᠠᠳᠠᠬᠤ᠂ ᠢᠳᠡᠭᠦ᠂ ᠨᠠᠭᠠᠳᠬᠤ ᠡᠴᠠ ᠥᠭᠡᠷ᠎ᠡ ᠭᠡᠳᠤᠨ ᠦᠰᠦᠭ᠌ ᠳᠠᠨᠢᠬᠤ᠂ ᠥᠯᠢᠭᠡᠷ ᠮᠡᠳᠡᠭᠦ ᠶᠢ ᠭᠠᠷᠭᠠᠪᠠᠯ ᠪᠣᠰᠤᠳ ᠠᠵᠢᠯ ᠭᠡᠵᠤ ᠪᠠᠢ᠌ᠳᠠᠭ ᠦᠭᠡᠶ᠃ ᠨᠢᠭᠡ ᠯᠠ ᠣᠳᠠᠭ᠎ᠠ ᠠᠯᠳᠠᠷ ᠨᠠᠷᠠ ᠶᠢᠨ ᠳᠤᠬᠠᠢ ᠪᠣᠳᠤᠯᠭᠢᠯᠠᠵᠤ ᠴᠤᠤᠬᠠᠯ ᠨᠠᠷᠠ ᠪᠠᠨ ᠬᠤᠰᠤᠵᠤ᠂ ᠠᠯᠳᠠᠠᠬᠤᠶᠠᠭ ᠨᠠᠷᠠ ᠪᠠᠨ ᠳᠡᠮᠳᠡᠭᠯᠡᠯ ᠳᠡᠭᠡᠷ᠎ᠡ ᠪᠠᠨ ᠳᠤᠷᠠᠢ᠌ᠳᠠᠯ᠎ᠠ ᠪᠢᠴᠢᠭ᠍ᠰᠡᠨ ᠢ ᠭᠠᠷᠭᠠᠪᠠᠯ ᠢᠷᠡᠭᠡᠳᠦᠢ ᠶᠢᠨ ᠳᠤᠬᠠᠢ ᠪᠣᠳᠤᠭᠰᠠᠨ ᠵᠣᠢ᠌ᠯ ᠭᠡᠵᠤ ᠦᠭᠡᠶ ᠦᠨᠳᠦᠷ ᠳᠤᠮᠳᠠᠳᠤ ᠪᠠᠨ ᠳᠡᠭᠦᠰᠭᠡᠪᠡ᠃ ᠰᠤᠷᠴᠤ ᠡᠵᠡᠮᠰᠢᠭ᠍ᠰᠡᠨ ᠭᠢᠴᠢᠶᠡᠯ ᠳᠦᠷᠤᠯ ᠨᠢᠭᠡ ᠴᠤ ᠦᠭᠡᠶ ᠪᠣᠯᠪᠠᠴᠤ ᠠᠩᠭᠢ ᠶᠢᠨ ᠭᠢᠨᠢ ᠪᠠᠭᠰᠢ ᠣᠷᠤᠯᠠᠵᠤ ᠰᠠᠳᠤᠪ ᠢ ᠨᠢ ᠬᠠᠷᠢᠭᠤᠯᠵᠤ ᠪᠠᠢ᠌ᠭᠰᠠᠭᠠᠷ ᠭᠢᠷᠢ ᠪᠦᠳᠦᠮᠵᠢ ᠲᠡᠶ ᠳᠡᠭᠦᠰᠦᠭ᠍ᠰᠡᠨ ᠨᠢ ᠳᠡᠭᠦᠨ ᠤ ᠬᠠᠮᠤᠭ ᠶᠡᠭᠡ ᠠᠵᠠ ᠵᠠᠪᠰᠢᠶᠠᠨ ᠪᠠᠢ᠌ᠪᠠ᠃ ᠡᠴᠢᠭᠡ ᠨᠤᠶᠠᠨ ᠨᠢ ᠣᠯᠤᠰ ᠤᠨ ᠠᠯᠪᠠᠳᠠᠨ ᠤ ᠭᠦᠰᠦᠨᠦᠭ᠌ ᠳᠠᠭᠯᠠᠭᠤᠯᠤᠭᠰᠠᠨ ᠮᠦᠷᠳᠡᠭᠡᠨ ᠳᠠᠨᠢᠯ ᠨᠠᠢ᠌ᠵᠠ ᠪᠠᠨ ᠲᠦᠰᠢᠵᠤ ᠪᠣᠰᠤᠳ ᠬᠤᠳᠠᠨ ᠤ ᠬᠠᠮᠤᠭ ᠰᠠᠢ᠌ᠨ ᠮᠡᠳᠡᠯᠭᠡ ᠮᠡᠷᠭᠡᠵᠢᠯ ᠤᠨ ᠰᠤᠷᠭᠠᠭᠤᠯᠢ ᠳᠤ ᠴᠠᠯᠢᠩ ᠲᠡᠶ ᠰᠤᠷᠤᠯᠴᠠᠭᠤᠯᠤᠭᠰᠠᠨ ᠨᠢ ᠡᠷᠭᠡ ᠰᠦᠷ᠂ ᠡᠷᠭᠡᠮᠰᠦᠭ᠌ ᠳᠡᠭᠡᠷᠡᠩᠭᠦᠢ ᠶᠢ ᠨᠢᠭᠡ ᠭᠡᠮᠵᠢᠶᠡᠨ ᠤ ᠳᠠᠨᠢᠭᠤᠯᠵᠠᠢ᠃ ᠳᠠᠷᠠ ᠪᠠᠶ᠎ᠠ ᠪᠠᠨ ᠪᠣᠰᠤᠳ ᠡᠴᠠ ᠳᠡᠭᠡᠭᠦᠷ ᠭᠡᠵᠤ ᠣᠯᠠᠮ ᠪᠣᠳᠤᠬᠤ ᠪᠣᠯᠤᠭᠰᠠᠨ ᠮᠦᠷᠳᠡᠭᠡᠨ ᠬᠠᠶᠠ ᠦᠭᠡᠶ 《ᠠᠯᠳᠠᠠᠬᠤᠶᠠᠭ ᠯᠠ᠁》 《ᠠᠪᠣ ᠶᠢᠨ ᠭᠦᠤ ᠪᠢ ᠯᠠ᠁》 ᠭᠡᠭᠦ ᠪᠦᠭᠡᠳ ᠭᠡᠳᠤᠨ ᠥᠯᠢᠭᠡᠷ ᠮᠡᠳᠡᠳᠡᠭ᠌ ᠡᠴᠠ ᠴᠤ ᠶᠤᠮ ᠦᠦ᠂ ᠳᠦᠩᠭᠡᠰ ᠯᠠ ᠭᠡᠪᠠᠯ 《ᠳᠡᠭᠡᠭᠦ ᠯᠠ ᠭᠡᠷᠡᠭ᠍ᠳᠡᠢ》᠂ 《ᠳᠠᠢ᠌ᠮᠤ ᠶᠤᠰᠤᠳᠠᠢ》 ᠭᠡᠳ ᠰᠤᠷᠭᠠᠬᠤ ᠳᠤᠷᠠᠳᠠᠢ ᠪᠠᠢ᠌ᠳᠠᠭ ᠴᠤ ᠠᠵᠢᠯ ᠶᠠᠷᠤ ᠭᠢᠵᠤ ᠴᠢᠳᠠᠬᠤ ᠦᠭᠡᠶ ᠶᠢᠨ ᠳᠡᠭᠡᠷ᠎ᠡ ᠪᠣᠳᠠᠭ᠎ᠠ ᠨᠤᠭᠤᠭ᠎ᠠ ᠶᠠᠭᠠᠭᠢᠵᠤ ᠪᠣᠯᠪᠠᠰᠤᠷᠠᠳᠠᠭ ᠢ ᠴᠤ ᠮᠡᠳᠡᠳᠡᠭ᠌ ᠦᠭᠡᠶ ᠶᠢ ᠨᠢ ᠬᠠᠮᠳᠤ ᠨᠥᠭᠦᠤᠨ ᠨᠢ ᠭᠡᠵᠢᠶᠡᠨᠢ ᠠᠵᠢᠵᠤ ᠮᠡᠳᠡᠭ᠍ᠰᠡᠨ ᠪᠠᠢ᠌ᠪᠠ᠃ ᠳᠡᠭᠡᠭᠡᠳ ᠳᠡᠭᠦᠨ ᠢ 《ᠡᠷᠭᠢᠮᠰᠦᠭ᠌》 ᠠᠯᠳᠠᠠᠬᠤᠶᠠᠭ ᠭᠡᠵᠤ ᠬᠤᠴᠢᠯᠠᠭᠰᠠᠨ ᠨᠢ ᠳᠡᠭᠦᠨ ᠳᠤ ᠬᠠᠷᠢᠨ ᠠᠶᠠᠳᠠᠢ ᠰᠠᠨᠠᠭᠳᠠᠵᠤ᠂ ᠠᠪᠣ ᠡᠵᠢ ᠳᠡᠭᠡᠨ ᠭᠠᠢ᠌ᠬᠠᠭᠤᠯᠬᠤ ᠥᠭᠡ ᠲᠡᠶ ᠪᠣᠯᠪᠠ᠃
ᠬᠤᠵᠢᠮ ᠤᠨ ᠳᠠᠪᠰᠢᠯᠳᠠ ᠳ᠋ᠤᠨᠢ ᠰᠠᠭᠤᠷᠢ ᠪᠣᠯᠤᠭ ᠭᠡᠵᠤ ᠡᠴᠢᠭᠡ ᠨᠤᠶᠠᠨ ᠨᠢ ᠭᠦᠤ ᠪᠠᠨ ᠰᠤᠷᠭᠠᠭᠤᠯᠢ ᠳᠡᠭᠦᠰᠴᠤ ᠢᠷᠡᠮᠡᠭ᠍ᠴᠡ ᠰᠠᠯᠠᠭᠠᠨ ᠳᠠᠷᠤᠭ᠎ᠠ ᠶᠢᠨ ᠳᠤᠰᠢᠶᠠᠯ ᠳᠤ ᠭᠠᠷᠭᠠᠵᠤ ᠳᠠᠯᠪᠢᠪᠠ᠃
ᠢᠩᠭᠢᠭᠡᠳ ᠴᠤᠤᠬᠠᠯ ᠭᠤᠸᠠᠢ ᠨᠠᠩ ᠴᠤ ᠨᠠᠮᠪᠠᠳᠠᠢ ᠪᠣᠯᠵᠤ᠂ ᠳᠡᠷᠭᠡᠨ ᠳᠡᠭᠡᠨ ᠳᠤᠰᠬᠠᠢ ᠵᠢᠯᠤᠭᠤᠴᠢ ᠲᠡᠶ᠂ ᠠᠯᠪᠠᠨ ᠳᠠᠭᠠᠨ ᠳᠤᠰᠬᠠᠢ ᠵᠠᠷᠤᠴᠠ ᠲᠡᠶ ᠪᠣᠯᠤᠭᠰᠠᠨ ᠶᠤᠮ᠃ ᠠᠯᠪᠠᠨ ᠭᠡᠷ ᠤᠨ ᠡᠭᠦᠳᠡ ᠪᠠᠷ ᠣᠷᠤᠮᠠᠭᠴᠠ ᠵᠠᠷᠤᠴᠠ ᠵᠠᠯᠠᠭᠤ ᠡᠷᠭᠢᠮᠵᠢᠷᠭᠠᠯ ᠨᠢ ᠰᠠᠠᠳᠠᠯᠢ ᠶᠢ ᠨᠢ ᠳᠠᠳᠠᠵᠤ ᠰᠠᠭᠤᠯᠭᠠᠬᠤ ᠪᠦᠭᠡᠳ ᠴᠠᠢ ᠠᠶᠠᠭᠠᠯᠠᠵᠤ᠂ ᠳᠠᠮᠠᠭᠢ ᠠᠰᠠᠭᠠᠵᠤ ᠥᠭ᠍ᠳᠡᠭ᠌᠃ ᠳᠠᠪᠠᠳᠠᠢ ᠰᠠᠢ᠌ᠬᠠᠨ ᠠᠯᠪᠠᠨ ᠭᠡᠷ ᠲᠡᠭᠡᠨ ᠳᠠᠩᠭ᠋ᠠᠢ᠌ᠵᠤ ᠰᠠᠭᠤᠬᠤ ᠪᠦᠷᠢ ᠠᠪᠣ ᠶᠢᠨ ᠭᠢᠨᠢ 《ᠡᠷᠭᠡ᠁》᠂ 《ᠠᠯᠳᠠᠷ᠁》 ᠭᠡᠭ᠍ᠴᠢ ᠶᠢ ᠣᠬᠠᠵᠤ ᠠᠷᠪᠢᠨ ᠶᠠᠭᠤᠮ᠎ᠠ ᠪᠣᠳᠤᠳᠠᠭ ᠪᠣᠯᠪᠠ᠃ ᠡᠨᠡ ᠬᠤᠰᠢᠭᠤᠨ ᠳᠤ ᠪᠣᠰᠤᠳ ᠬᠤᠳᠠᠨ ᠳᠤ ᠣᠴᠢᠵᠤ ᠰᠤᠷᠤᠯᠴᠠᠭᠰᠠᠨ ᠭᠦᠮᠤᠨ ᠨᠠᠳᠠ ᠡᠴᠠ ᠥᠭᠡᠷ᠎ᠡ ᠦᠭᠡᠶ᠂ ᠪᠢ ᠠᠵᠠ ᠲᠡᠶ ᠳᠠᠭᠠᠨ ᠯᠠ ᠬᠤᠰᠢᠭᠤ ᠨᠤᠶᠠᠨ ᠤ ᠭᠦᠤ ᠪᠣᠯᠵᠤ ᠳᠦᠷᠦᠭ᠍ᠰᠡᠨ ᠪᠠᠢ᠌ᠬᠤ ᠡ᠂ ᠦᠭᠡᠶ ᠶᠤᠮ ᠪᠣᠯ ᠪᠤᠶᠡᠡ᠊ᠠ᠋ᠷᠪᠢᠨ᠂ ᠡᠷᠭᠢᠮᠵᠢᠷᠭᠠᠯ ᠰᠢᠤ ᠳᠡᠨᠡᠭ᠌ ᠶᠠᠭᠤᠮᠠᠰ ᠪᠠᠢ᠌ᠬᠤ ᠳ᠋ᠠ ᠣᠳᠠᠬᠤ ᠦᠭᠡᠶ ᠯᠠ ᠡᠷ᠎ᠡ ᠭᠦᠮᠤᠨ ᠰᠢᠷᠡᠭᠡ ᠵᠠᠯᠭᠠᠵᠤ ᠬᠤᠰᠢᠭᠤ ᠨᠤᠶᠠᠨ ᠪᠣᠯᠬᠤ ᠨᠢ᠁ ᠳᠠᠷᠠ ᠦᠶ᠎ᠡ ᠳᠤ ᠪᠦᠭᠦ ᠬᠤᠰᠢᠭᠤ ᠪᠠᠷ ᠶᠢᠡᠨ ᠮᠢᠨᠤ ᠡᠮᠤᠨ᠎ᠡ ᠨᠠᠭᠢᠯᠵᠠᠨᠠ ᠳ᠋ᠠ᠃ ᠳᠡᠭᠡᠭᠦ ᠳᠤ ᠡᠳᠡᠨ ᠰᠢᠭ᠌ ᠥᠭᠡᠳᠡ ᠦᠭᠡᠶ ᠶᠠᠭᠤᠮ᠎ᠠ ᠪᠠᠷ ᠶᠠᠭᠤ ᠭᠢᠨ᠎ᠠ᠂ ᠠᠷᠪᠠᠨ ᠪᠣᠶᠠᠠ᠊ᠠ᠋ᠷᠪᠢᠨ᠂ ᠳᠠᠪᠤᠨ ᠡᠷᠭᠢᠮᠵᠢᠷᠭᠠᠯ ᠲᠡᠶ ᠲᠡᠩᠴᠡᠬᠦ ᠶᠢ ᠯᠠ ᠵᠠᠷᠤᠨ᠎ᠠ᠁ ᠪᠣᠶᠠᠠ᠊ᠠ᠋ᠷᠪᠢᠨ᠂ ᠡᠷᠭᠢᠮᠵᠢᠷᠭᠠᠯ᠂ ᠡᠷᠭᠢᠮᠵᠢᠷᠭᠠᠯ᠂ ᠪᠣᠶᠠᠠ᠊ᠠ᠋ᠷᠪᠢᠨ ᠭᠡᠭᠦ ᠪᠦᠷᠢ ᠶᠠᠷᠤ ᠨᠢᠭᠡ ᠳᠠᠭᠠᠷᠠᠬᠤ ᠦᠭᠡᠶ ᠰᠢᠭ᠌ ᠰᠠᠨᠠᠭᠳᠠᠭᠠᠤᠨ ᠪᠠᠢ᠌ᠬᠤ ᠶᠤᠮ᠃ ᠳᠠᠮᠠᠭᠢ ᠪᠠᠨ ᠳᠠᠳᠠᠵᠤ᠂ ᠴᠠᠢ ᠪᠠᠨ ᠳᠠᠮᠰᠢᠶᠠᠯᠠᠨ᠂ ᠬᠤᠷᠤᠭᠤ ᠪᠠᠷ ᠶᠢᠡᠨ ᠰᠢᠷᠡᠭᠡ ᠪᠠᠨ ᠳᠤᠭᠰᠢᠵᠤ ᠪᠣᠳᠤᠵᠤ ᠪᠠᠢ᠌ᠭᠠᠤᠨ ᠪᠣᠳᠤᠵᠤ ᠣᠯᠤᠯ᠎ᠠ᠃ ᠡᠨ︕ ᠳᠠᠢ᠌ᠮᠤ ᠪᠠᠢ᠌ᠨ᠎ᠠ᠃ ᠡᠩ ᠤᠨ ᠨᠢᠭᠡ ᠠᠷᠠᠤᠨ ᠤᠨ ᠭᠦᠤ ᠨᠠᠳᠠ ᠡᠴᠠ ᠰᠠᠢ᠌ᠬᠠᠨ ᠨᠠᠷᠠ ᠲᠡᠶ ᠪᠠᠢ᠌ᠵᠤ ᠪᠣᠯᠬᠤ ᠦᠭᠡᠶ᠂ ᠶᠠᠭ ᠳᠠᠢ᠌ᠮᠤ᠃
ᠳᠡᠭᠡᠭᠡᠳ ᠵᠢᠯᠤᠭᠤᠴᠢ ᠪᠠᠨ ᠳᠠᠭᠤᠳᠠᠵᠤ᠄ 《ᠴᠢ ᠪᠣᠯ ᠡᠷᠭᠢᠮ ᠨᠤᠶᠠᠨ ᠤ ᠭᠦᠤ ᠰᠠᠯᠠᠭᠠᠨ ᠳᠠᠷᠤᠭ᠎ᠠ ᠶᠢᠨ ᠵᠢᠯᠤᠭᠤᠴᠢ᠃ ᠨᠠᠳᠠᠳᠤ ᠪᠣᠯ ᠰᠢᠳᠤᠷᠭᠤ ᠥᠢᠯᠡᠴᠢᠯᠡᠭᠦ ᠭᠡᠷᠡᠭ᠍ᠳᠡᠢ᠂ ᠳᠠᠢ᠌ᠮᠤ ᠪᠠ ︖》
《ᠳᠠᠢ᠌ᠮᠤ ᠡ》 ᠭᠡᠵᠤ ᠵᠢᠯᠤᠭᠤᠴᠢ ᠵᠠᠯᠠᠭᠤ ᠪᠦᠭᠦᠯᠵᠡᠨ ᠵᠦᠪᠰᠢᠶᠠᠷᠠᠪᠠ᠃
《ᠳᠡᠭᠡᠪᠠᠯ ᠴᠢ ᠡᠳᠦᠷ ᠲᠡᠭᠡᠨ ᠳᠡᠷᠭᠡ ᠪᠠᠷᠢᠭᠠᠤᠨ ᠡᠨᠡ ᠬᠤᠰᠢᠭᠤ ᠶᠢ ᠠᠷᠪᠠ ᠳᠤᠭᠤᠷᠢᠭᠰᠠᠨ ᠴᠤ ᠬᠠᠯᠠᠰᠢᠷᠠᠬᠤ ᠦᠭᠡᠶ᠂ ᠳᠠᠢ᠌ᠮᠤ ᠪᠠ ︖》
《ᠳᠠᠢ᠌ᠮᠤ ᠡ》
《ᠣᠤᠬᠠᠢ᠂ ᠳᠠᠭᠠᠷᠠᠵᠤ ᠪᠠᠢ᠌ᠨ᠎ᠠ᠃ ᠡᠢ᠌ᠮᠤ ᠡᠴᠠ ᠪᠢ ᠴᠢᠮ᠎ᠠ ᠳᠤ ᠠᠷᠪᠢᠳᠠᠢ ᠨᠠᠷᠠ ᠬᠠᠢ᠌ᠷᠯᠠᠶᠠ᠂ ᠪᠣᠯᠬᠤ ᠦᠦ ︖》
ᠪᠤᠶᠡᠡ᠊ᠠ᠋ᠷᠪᠢᠨ ᠣᠬᠠᠭᠠᠨ ᠢ ᠨᠢ ᠣᠯᠤᠭᠰᠠᠨ ᠦᠭᠡᠶ ᠪᠣᠯᠪᠠᠴᠤ ᠠᠵᠢᠯ ᠤᠨ ᠣᠷᠤ ᠶᠢᠨ ᠶᠢᠡᠨ ᠲᠦᠯᠦᠭᠡ 《ᠵᠠ》 ᠭᠡᠯᠡ᠃
《ᠳᠡᠭᠡᠪᠠᠯ ᠪᠢ ᠡᠭᠦᠨ ᠡᠴᠠ ᠬᠣᠢ᠌ᠰᠢ ᠴᠢᠮ᠎ᠠ ᠶᠢ ᠠᠷᠪᠢᠳᠠᠢ ᠭᠡᠵᠤ ᠳᠠᠭᠤᠳᠠᠨ᠎ᠠ᠂ ᠪᠦᠭᠦ ᠭᠦᠮᠤᠨ ᠴᠤ ᠢᠩᠭᠢᠭᠦ ᠪᠠᠢ᠌ᠵᠤ ᠮᠠᠳᠠᠨ᠎ᠡ᠂ ᠠᠷᠪᠢᠳᠠᠢ ᠭᠡᠳᠦᠢ ᠰᠠᠢ᠌ᠬᠠᠨ ᠶᠤᠮ᠂ ᠶᠠᠭ ᠯᠠ ᠥᠯᠢᠭᠡᠷ ᠲᠤ ᠭᠠᠷᠳᠠᠭ ᠡᠷᠭᠡ ᠵᠢᠩᠰᠠᠳᠠᠨ ᠤ ᠳᠠᠭᠠᠯ ᠰᠢᠭ》 ᠭᠡᠳ ᠭᠢᠳ ᠭᠢᠳ ᠢᠨᠢᠶᠡᠭᠦ ᠳᠤ ᠵᠢᠯᠤᠭᠤᠴᠢ ᠵᠠᠯᠠᠭᠤ ᠴᠤ ᠳᠠᠭᠠᠭᠠᠤᠨ ᠢᠨᠢᠶᠠᠯ᠎ᠠ᠃
ᠳᠡᠭᠡᠭᠡᠳ ᠰᠠᠨᠠᠭ᠎ᠠ ᠠᠮᠠᠷᠠᠨ ᠰᠠᠠᠳᠠᠯᠢ ᠳᠡᠭᠡᠷ᠎ᠡ ᠪᠠᠨ ᠳᠠᠩᠭ᠋ᠠᠢ᠌ᠬᠤ ᠵᠠᠭᠤᠷ᠎ᠠ ᠰᠢᠷᠡᠭᠡᠨ ᠳ᠋ᠠᠭᠢ ᠴᠠᠭ ᠶᠢᠡᠨ ᠬᠠᠷᠠᠪᠠᠯ ᠠᠵᠢᠯ ᠪᠠᠭᠤᠬᠤ ᠴᠠᠭ ᠤᠢ᠌ᠷᠠᠳᠠᠴᠢᠬᠠᠭᠰᠠᠨ ᠪᠠᠢ᠌ᠪᠠ᠃
ᠳᠠᠷᠠᠭ᠎ᠠ ᠡᠳᠦᠷ ᠨᠢ ᠡᠷᠭᠢᠮᠵᠢᠷᠭᠠᠯ ᠢ ᠳᠤᠰᠬᠠᠢ᠌ᠯᠠᠨ 《ᠡᠷᠭᠢᠮ》 ᠭᠡᠵᠤ ᠳᠠᠭᠤᠳᠠᠪᠠ᠃ ᠡᠷᠭᠢᠮᠵᠢᠷᠭᠠᠯ ᠰᠠᠠᠳᠤᠷᠤᠨ᠄ 《ᠳᠠᠷᠤᠭ᠎ᠠ ᠡ᠂ ᠶᠠᠭᠠᠭᠢᠬᠤ ᠭᠡᠪᠡ ︖》 ᠭᠡᠭᠦ ᠳᠤ ᠴᠤᠤᠬᠠᠯ ᠳᠠᠷᠤᠭ᠎ᠠ᠄ 《ᠪᠢ ᠴᠢᠮ᠎ᠠ ᠶᠢ ᠡᠷᠭᠢᠮ ᠭᠡᠭᠦ ᠳᠤ ᠴᠢ ᠳᠠᠷᠤᠭ᠎ᠠ ᠡ ᠭᠡᠭᠦ ᠶᠤᠮ᠂ ᠶᠠᠭ ᠯᠠ ᠯᠤᠭᠢᠭ ᠲᠤ ᠨᠠᠢ᠌ᠴᠠᠮᠠᠷ ᠦᠭᠡᠶ᠃ ᠶᠠᠭᠤ ᠴᠤ ᠨᠠᠳᠠᠳᠤ ᠳᠠᠮᠠᠭᠢ ᠠᠰᠠᠭᠠᠤᠨ ᠥᠭ᠌ ︕》 ᠭᠡᠪᠡ᠃ ᠡᠷᠭᠢᠮᠵᠢᠷᠭᠠᠯ ᠬᠤᠷᠳᠤᠬᠠᠨ ᠳᠠᠮᠠᠭᠢ ᠶᠢ ᠨᠢ ᠠᠰᠠᠭᠠᠬᠤ ᠵᠠᠭᠤᠷ᠎ᠠ ᠦᠪᠡᠷ ᠤᠨ ᠴᠠᠪᠠᠷᠯᠠᠵᠤ ᠳᠢᠭᠯᠡᠭ᠍ᠰᠡᠨ ᠨᠢ ᠠᠰᠠᠭᠤᠳᠠᠯ ᠲᠡᠶ ᠪᠣᠯᠪᠠ ᠦᠦ ᠭᠡᠵᠤ ᠰᠠᠷᠠᠮᠵᠢᠯᠠᠨ ᠠᠵᠢᠭᠯᠠᠵᠤ ᠪᠢᠯᠠ᠃ ᠴᠤᠤᠬᠠᠯ ᠡᠨᠡᠭᠦ ᠪᠠᠢ᠌ᠳᠠᠯ ᠢ ᠥᠵᠡᠭᠡᠳ᠄ 《ᠮᠠᠭᠤ ᠰᠠᠢ᠌ᠨ ᠵᠢᠷᠦᠭᠡ ᠪᠠᠭᠠᠳᠠᠢ ᠡᠭᠡᠯ ᠠᠷᠠᠤᠨ ᠤᠨ ᠵᠤᠯᠵᠠᠭ᠎ᠠ ᠤᠳ》 ᠭᠡᠵᠤ ᠳᠤᠷᠤᠮᠵᠢᠯᠠᠨ ᠪᠣᠳᠤᠭᠰᠠᠨ ᠪᠦᠭᠡᠳ ᠦᠪᠡᠷ ᠤᠨ ᠭᠢᠨᠢ ᠰᠠᠨᠠᠭ᠎ᠠ ᠰᠠᠭᠠᠤᠨ ᠦᠭᠡᠶ ᠪᠣᠯᠤᠯ᠎ᠠ ᠭᠡᠵᠤ ᠪᠠᠷᠤᠭᠴᠠᠭᠠᠯᠠᠪᠠ᠃ ᠳᠡᠭᠡᠭᠡᠳ ᠪᠠᠰᠠ 《ᠵᠢᠷᠭᠠᠯ》 ᠭᠡᠵᠤ ᠳᠠᠭᠤᠳᠠᠯ᠎ᠠ᠃ ᠡᠷᠭᠢᠮᠵᠢᠷᠭᠠᠯ ᠵᠤᠭ ᠭᠡᠰᠡᠨ ᠶᠢᠡᠨ ᠦᠪᠡᠷ ᠢ ᠨᠢ ᠳᠠᠭᠤᠳᠠᠵᠤ ᠪᠠᠢ᠌ᠬᠤ ᠶᠢ ᠮᠠᠳᠠᠵᠤ᠄ 《ᠳᠠᠷᠤᠭ᠎ᠠ ᠡ》 ᠭᠡᠪᠡ᠃
《ᠴᠠᠢ ᠨᠡᠮᠡᠭᠡᠳ ᠠᠯᠢ ︕ ᠶᠠᠷᠰᠢᠭ᠂ ᠪᠦᠭᠡᠮ ᠶᠠᠷᠰᠢᠭ ︕ ᠡᠷᠭᠢᠮᠵᠢᠷᠭᠠᠯ ᠭᠡᠭᠦ ᠨᠢ ᠳᠠᠩᠴᠤ ᠣᠷᠳᠤ᠂ ᠡᠷᠭᠢᠮ ᠭᠡᠳ ᠪᠠᠰᠠ ᠪᠣᠯᠬᠤ ᠦᠭᠡᠶ᠂ ᠵᠢᠷᠭᠠᠯ ᠭᠡᠳ᠁ ᠡ ᠁ ᠵᠢᠯᠤᠭᠤᠴᠢ ᠶᠢ ᠪᠢ ᠠᠷᠪᠢᠳᠠᠢ ᠭᠡᠰᠡᠨ᠂ ᠴᠢᠮ᠎ᠠ ᠶᠢ ᠳᠠᠪᠠᠳᠠᠢ ᠭᠡᠪᠠᠯ ᠪᠣᠯᠬᠤ ᠰᠢᠭ ᠯᠠ ᠳ᠋ᠠ》 ᠭᠡᠭᠦ ᠳᠤ ᠡᠷᠭᠢᠮᠵᠢᠷᠭᠠᠯ ᠭᠠᠢ᠌ᠬᠠᠰᠢᠷᠠᠭᠰᠠᠨ ᠴᠤ ᠶᠠᠭᠠᠭᠢᠭᠠᠤᠨ ᠭᠡᠵᠤ ᠠᠰᠠᠭᠤᠵᠤ ᠴᠢᠳᠠᠭᠰᠠ ᠦᠭᠡᠶ᠃ 《ᠵᠠ》 ᠴᠤ ᠦᠭᠡᠶ᠂ 《ᠡ》 ᠴᠤ ᠦᠭᠡᠶ ᠪᠦᠯᠳᠡᠯᠵᠡᠵᠤ ᠵᠤᠭᠰᠤᠪᠠ᠃ 《ᠶᠠᠭᠤᠨ ᠳᠤ ᠴᠢᠨ᠋ᠸ᠎ᠠ ᠡᠴᠠ ᠠᠶᠤᠭᠰᠠᠨ ᠬᠤᠨᠢ ᠰᠢᠭ ᠪᠣᠯᠴᠢᠬᠠᠪᠠ᠃ ᠪᠢ ᠵᠥᠪᠭᠡᠨ ᠴᠢᠨᠤ ᠨᠠᠷᠠ ᠶᠢᠨ ᠳᠤᠬᠠᠢ ᠯᠠ ᠭᠡᠯᠡᠵᠤ ᠪᠠᠢ᠌ᠨ᠎ᠡ᠂ ᠭᠡᠷ ᠲᠤ ᠳᠠᠪᠠᠳᠠᠢ ᠰᠠᠭᠤᠵᠤ ᠪᠠᠢ᠌ᠬᠤ ᠪᠠᠷ ᠨᠢ᠁ ᠡᠨᠡ ᠨᠢ ᠬᠤᠵᠢᠮ ᠴᠢᠮ᠎ᠠ ᠳᠤ ᠰᠠᠢ᠌ᠨ》 ᠭᠡᠭᠦ ᠪᠠᠷ ᠭᠡᠯᠡᠮᠡᠷ ᠪᠠᠢ᠌ᠭᠰᠠᠨ ᠶᠢᠠᠨ ᠭᠡᠯᠡᠨ ᠤ ᠪᠠᠨ ᠳᠤᠤᠷ᠎ᠠ ᠳᠠᠷᠤᠵᠤ ᠥᠩᠭᠡᠷᠡᠪᠡ᠃
ᠠᠷᠠᠤᠨ ᠤᠨ ᠮᠦᠩᠭᠦ ᠳᠤᠳᠠᠮᠠᠭ᠂ ᠠᠷᠤ ᠳᠦᠰᠢᠭ᠌ ᠦᠭᠡᠶ ᠡᠭᠡᠯ ᠠᠷᠠᠤᠨ ᠤᠨ ᠡᠨᠡ ᠮᠠᠭᠤ ᠰᠠᠢ᠌ᠨ ᠭᠦᠦᠴᠦᠦᠯ ᠢ ᠪᠢ ᠶᠠᠭᠠᠭᠢᠵᠤ ᠵᠠᠷᠤᠪᠠᠴᠤ ᠪᠣᠯᠬᠤ ᠶᠤᠮ ᠪᠠᠢ᠌ᠨ᠎ᠠ ᠭᠡᠵᠤ ᠰᠠᠮ ᠪᠠᠶᠠᠷᠯᠠᠵᠤ ᠰᠠᠭᠤᠨ᠎ᠠ᠃ ᠢᠩᠭᠢᠭᠡᠳ ᠡᠷᠭᠡᠳᠤ ᠴᠤᠤᠬᠠᠯ ᠭᠤᠸᠠᠢ ᠡᠨᠡ ᠳᠠᠷᠠ ᠶᠢᠨ ᠭᠢᠨᠢ ᠨᠠᠷᠠ ᠣᠪᠣᠭ ᠢ ᠰᠤᠯᠢᠵᠤ ᠪᠠᠢ᠌ᠭᠰᠠᠭᠠᠷ ᠨᠢᠭᠡ ᠵᠢᠯ ᠤᠨ ᠳᠠᠷᠤᠭ᠎ᠠ ᠶᠢᠨ ᠠᠮᠢᠳᠤᠷᠠᠯ ᠶᠢᠡᠨ ᠳᠠᠩᠰᠤᠭ ᠰᠠᠢ᠌ᠬᠠᠨ ᠥᠩᠭᠡᠷᠡᠭᠡᠯ᠎ᠡ᠃ ᠵᠢᠯ ᠤᠨ ᠡᠴᠦᠰ ᠲᠤ ᠰᠢᠨ᠎ᠠ ᠶᠢ ᠡᠭᠦᠳᠴᠤ ᠰᠢᠯᠢᠳᠡᠭ᠌ ᠪᠦᠳᠦᠮᠵᠢ ᠭᠠᠷᠭᠠᠭᠰᠠᠨ ᠦᠭᠡᠶ ᠴᠤ ᠮᠠᠭᠤ ᠭᠢᠵᠤ ᠮᠤᠷᠤᠢ ᠵᠠᠮ ᠵᠠᠰᠠᠭᠰᠠᠨ ᠣᠴᠢᠷ ᠦᠭᠡᠶ᠃ ᠨᠠᠩ ᠴᠤ ᠠᠯᠳᠠᠭ᠎ᠠ ᠭᠡᠳᠡᠭ᠌ ᠢ ᠠᠵᠢᠯ ᠭᠢᠳᠡᠭ᠌ ᠦᠭᠡᠶ ᠳᠡᠭᠦᠨ ᠤ ᠪᠠᠶ᠎ᠠ ᠳᠡᠭᠡᠷ᠎ᠡ ᠡᠴᠠ ᠡᠷᠢᠭᠡᠳ ᠪᠠᠰᠠ ᠣᠯᠬᠤ ᠦᠭᠡᠶ ᠳᠤ ᠡᠴᠢᠭᠡ ᠨᠢ ᠄ 《ᠦᠷᠭᠦᠯᠵᠢᠯᠡᠭᠦᠯᠵᠤ ᠪᠠᠢ ︕》 ᠭᠡᠮᠡᠨ ᠡᠷᠡᠭᠡᠢ ᠪᠠᠨ ᠭᠠᠷᠭᠠᠵᠤ ᠮᠠᠭᠳᠠᠯ᠎ᠠ᠃
ᠰᠠᠯᠠᠭᠠᠨ ᠳᠠᠷᠤᠭ᠎ᠠ ᠶᠢᠨ ᠰᠢᠨ᠎ᠠ ᠨᠢᠭᠡ ᠣᠨ ᠠᠭᠢᠭᠠᠤᠨ ᠪᠠᠰᠠ ᠡᠭᠢᠯᠡᠪᠡ᠃
᠊᠊᠊᠊᠊᠊᠊᠊᠊᠊᠊᠊᠊᠊᠊ ᠠᠢ ᠳ᠋ᠠ᠂ ᠪᠢ ᠭᠡᠵᠤ ᠡᠢ᠌ᠮᠤ ᠠᠵᠠ ᠲᠡᠶ ᠯᠠ ᠭᠦᠤ᠃ ᠠᠩᠭᠢ ᠳᠠᠭᠠᠨ ᠠᠳᠠᠭ ᠠᠪᠴᠤ ᠪᠠᠢ᠌ᠭᠰᠠᠨ ᠴᠤ ᠶᠠᠭᠠᠭᠢᠪ ︖ ᠳᠠᠷᠠ ᠮᠠᠭᠤ ᠭᠡᠷᠡᠯᠳᠤ ᠬᠤᠰᠢᠭᠤ ᠳᠠᠰ ᠤᠨ ᠰᠢᠯᠢᠳᠡᠭ᠌ ᠰᠤᠷᠤᠯᠭᠠᠳᠠᠨ ᠪᠠᠢ᠌ᠯ᠎ᠠ ᠭᠡᠳ ᠶᠠᠭᠠᠭᠢᠪ ︖ ᠪᠠᠳᠠᠷᠴᠢ ᠠᠢ᠌ᠯ ᠤᠨ ᠶᠠᠳᠠᠭᠤ ᠭᠦᠤ᠂ ᠣᠳᠤ ᠭᠡᠳᠦᠷᠡᠭᠦ ᠳᠡᠭᠡᠨ ᠨᠢᠭᠡ ᠪᠠᠶᠠᠨ ᠮᠠᠯᠴᠢᠨ ᠰᠢᠳᠠ᠃ ᠭᠢᠷᠢ ᠪᠠᠨ ᠮᠡᠳᠡᠭᠦ ᠦᠭᠡᠶ᠂ ᠨᠠᠳᠠ ᠡᠴᠠ ᠪᠠᠰᠠ ᠰᠠᠳᠤᠪ ᠶᠢᠡᠨ ᠨᠢᠭᠤᠳᠠᠭ ᠪᠠᠢ᠌ᠭᠰᠠᠨ᠂ 《ᠫᠦᠭᠦ》 ᠭᠡᠵᠤ ᠬᠠᠷᠢᠶᠠᠯ ᠳᠠᠯᠪᠢᠨ ᠳᠡᠭᠦᠵᠢᠩ ᠰᠠᠠᠳᠠᠯᠢ ᠳᠡᠭᠡᠷ᠎ᠡ ᠪᠠᠨ ᠳᠡᠭᠡᠭ᠍ᠰᠢ ᠳᠠᠩᠭ᠋ᠠᠢ᠌ᠨ ᠳᠠᠮᠠᠭᠢᠨ ᠣᠳᠤᠭ᠎ᠠ ᠪᠠᠨ ᠫᠠᠭ ᠫᠠᠭ ᠭᠡᠵᠤ ᠴᠠᠭᠠᠷᠢᠭ ᠴᠠᠭᠠᠷᠢᠭ ᠭᠠᠷᠭᠠᠵᠤ ᠨᠠᠭᠠᠳᠤᠨ᠎ᠠ᠃
ᠡᠭᠦᠳᠡ ᠳᠤᠭᠰᠢᠵᠤ ᠨᠠᠷᠢᠨ ᠪᠠᠴᠢᠭᠡᠴᠢ ᠣᠷᠤᠵᠤ ᠢᠷᠠᠨ᠄ 《ᠳᠠᠷᠤᠭ᠎ᠠ ᠡ᠂ ᠳᠡᠭᠡᠷ᠎ᠡ ᠱᠠᠳᠤᠨ ᠡᠴᠠ ᠪᠠᠢ᠌ᠭᠤᠯᠭ᠎ᠠ ᠨᠢᠭᠡᠴᠢ ᠪᠦᠭᠦᠨ ᠳᠤ ᠡᠭᠦᠷᠭᠡ ᠳᠠᠭᠠᠯᠭᠠᠵᠠᠢ᠂ ᠪᠠᠰᠠ᠁》 ᠭᠡᠭᠦ ᠪᠠᠷ ᠴᠤᠤᠬᠠᠯ ᠳᠠᠷᠤᠭ᠎ᠠ ᠥᠭᠡ ᠶᠢ ᠨᠢ ᠳᠠᠰᠤᠯᠤᠨ᠄ 《ᠡᠢ᠌ᠮᠤ ᠳᠠᠢ᠌ᠮᠤ ᠪᠠᠭ᠎ᠠ ᠣᠴᠢᠷ ᠤᠳ ᠢ ᠪᠦᠷ ᠴᠢᠮ᠎ᠠ ᠶᠢ ᠰᠠᠢ᠌ᠬᠠᠨ ᠰᠡᠢ᠌ᠳᠪᠦᠷᠢᠯᠡᠴᠢᠭᠡ ᠭᠡᠰᠡᠨ ᠪᠢᠰᠢᠤ ︖ ᠪᠣᠤ ᠮᠢᠨᠤ ᠶᠡᠭᠡ ᠶᠠᠪᠣᠳᠠᠯ ᠢ ᠨᠥᠯᠦᠭᠡᠯᠡᠭᠡᠳ ᠪᠠᠢ ᠭᠡᠵᠤ ᠠᠭᠢᠨ ᠳᠠᠭᠢᠨ ᠭᠡᠯᠡᠵᠤ ᠪᠠᠢ᠌ᠨ᠎ᠠ ᠰᠢᠤ ︕》 ᠭᠡᠵᠤ ᠣᠴᠠᠭᠠᠷᠯᠠᠨᠠ᠃
᠊᠊᠊᠊᠊᠊᠊᠊᠊᠊᠊᠊᠊᠊᠊ ᠡᠨᠡ ᠣᠴᠢᠷ ᠢ ᠪᠢ ᠡᠵᠡᠨ ᠮᠠᠳᠠᠵᠤ ᠪᠣᠯᠬᠤ ᠦᠭᠡᠶ᠃ ᠳᠠᠨ ᠤ ᠭᠠᠷ ᠤᠨ ᠦᠰᠦᠭ᠌᠁
᠊᠊᠊᠊᠊᠊᠊᠊᠊᠊᠊᠊᠊᠊᠊ ᠠᠶ᠎ᠠ ︕ ᠡᠢ᠌ᠮᠤ ᠯᠠ ᠣᠴᠢᠷ ᠪᠣᠯ ᠬᠤᠷᠳᠤᠨ ᠭᠡᠯᠡᠭᠦ ᠶᠢ ᠶᠠᠭᠠᠭᠢᠭᠰᠠᠨ ᠶᠤᠮ᠃ ᠠᠪᠣᠭᠠᠤᠨ ᠢᠷ᠎ᠠ ︕ ᠭᠡᠵᠤ ᠰᠤᠷᠤᠭᠰᠠᠨ ᠵᠠᠩ ᠶᠢᠡᠷ ᠬᠠᠮᠤᠭ ᠠᠷᠤ ᠶᠢᠨ ᠬᠠᠭᠤᠳᠠᠰᠤᠨ ᠳᠤ ᠨᠠᠷᠠ ᠪᠠᠨ ᠪᠢᠴᠢᠭᠡᠳ ᠬᠤᠷᠳᠤᠨ ᠠᠪᠴᠤ ᠶᠠᠪᠣ ︕ ᠭᠡᠰᠡᠨ ᠳᠤᠭᠢᠶ᠎ᠠ ᠥᠭ᠍ᠪᠡ᠃
ᠠᠵᠢᠯ ᠪᠠᠭᠤᠬᠤ ᠴᠠᠭ ᠭᠦᠯᠢᠶᠡᠵᠤ ᠰᠠᠭᠤᠨ᠎ᠠ ᠭᠡᠭ᠍ᠴᠢ ᠭᠡᠳᠦᠢ ᠶᠠᠷᠰᠢᠭ ᠲᠡᠶ ᠶᠤᠮ᠃ ᠡᠷᠳᠡ ᠬᠠᠷᠢᠭᠠᠤᠨ ᠣᠴᠢᠪᠠᠯ ᠪᠣᠯᠬᠤ ᠦᠭᠡᠶ᠂ ᠨᠠᠭᠠᠳᠬᠤ ᠭᠠᠵᠠᠷ ᠶᠢᠡᠷ ᠣᠷᠤᠪᠠᠯ ᠪᠠᠰᠠ ᠨᠠᠷᠠ ᠭᠦᠡᠳᠤ ᠪᠠᠨ᠁ ᠭᠡᠳ ᠪᠦᠭᠡᠮ ᠶᠠᠷᠰᠢᠭ᠃ ᠠᠪᠣ ᠯᠠ ᠡᠨᠡ ᠬᠤᠰᠢᠭᠤᠨ ᠡᠴᠠ ᠠᠵᠢᠯ ᠰᠢᠯᠵᠢᠪᠠᠯ ᠮᠢᠨᠤ ᠳᠡᠭ᠍ᠷᠢ ᠡᠷᠭᠢᠭᠦ ᠨᠢ᠂ ᠠᠷᠪᠢᠳᠠᠢ ᠶᠢ ᠳᠠᠭᠤᠳᠠᠵᠤ ᠪᠠᠰᠠ ᠨᠢᠭᠡ ᠳᠤᠭᠤᠷᠢᠬᠤ ᠴᠤ ᠶᠤᠮ ᠦᠦ ︖ ᠡᠨᠡ ᠮᠠᠭᠤ ᠬᠤᠰᠢᠭᠤᠨ ᠳᠤ ᠡᠷᠭᠢᠴᠡᠮᠡᠷ ᠭᠠᠵᠠᠷ ᠪᠠᠰᠠ ᠦᠭᠡᠶ᠂ ᠪᠠᠢ᠌ᠴᠢᠬᠠᠶ᠎ᠠ᠃ ᠳᠡᠷᠭᠡᠨ ᠳᠤ ᠰᠠᠭᠤᠬᠤ ᠳᠤᠷ᠎ᠠ ᠪᠠᠬ᠎ᠠ ᠴᠤ ᠦᠭᠡᠶ ᠪᠣᠯᠴᠢᠬᠠᠯ᠎ᠠ ᠭᠡᠵᠤ ᠪᠣᠳᠤᠯ ᠪᠣᠯᠤᠨ ᠴᠤᠮᠤ ᠲᠡᠶ ᠴᠠᠢ ᠪᠠᠨ ᠰᠢᠮᠠᠨ ᠴᠤᠩᠬᠤ ᠪᠠᠷ ᠭᠠᠳᠠᠭᠰᠢ ᠬᠠᠷᠠᠵᠤ ᠵᠤᠭᠰᠤᠨ᠎ᠠ᠃
ᠰᠤᠨᠢᠨ ᠶᠤᠮ ᠳ᠋ᠠ᠂ ᠶᠢᠷᠳᠢᠠᠴᠤ ᠭᠡᠵᠢ ︕ ᠠᠭᠤᠯᠠ ᠶᠢᠨ ᠴᠠᠭᠠᠨ᠎ᠠ ᠠᠭᠤᠯᠠ᠂ ᠣᠰᠤᠨ ᠤ ᠴᠠᠭᠠᠨ᠎ᠠ ᠣᠰᠤ᠃ ᠭᠠᠵᠠᠷ ᠨᠢ ᠬᠠᠪᠳᠠᠭᠠᠢ᠂ ᠳᠡᠭ᠍ᠷᠢ ᠨᠢ ᠪᠦᠭᠡᠷᠡᠩᠭᠡᠢ᠃ ᠨᠠᠷᠠ ᠰᠠᠷ᠎ᠠ ᠨᠢ ᠮᠠᠠᠳᠤᠭᠠᠤᠨ ᠪᠠᠰᠠ ᠰᠢᠩᠭᠡᠳᠡᠭ᠌᠃ ᠴᠤᠬᠤᠮ ᠶᠠᠮᠠᠷ ᠭᠦᠮᠤᠨ ᠣᠷᠠᠯᠠᠵᠤ ᠰᠠᠢ᠌ᠯᠵᠤ ᠳᠠᠯᠪᠢᠭᠰᠠᠨ ᠪᠣᠯ ︖ ᠳᠡᠷᠭᠡ ᠪᠠᠷ ᠳᠠᠪᠭᠢᠭᠠᠤᠨ ᠬᠠᠶᠠᠭᠠᠨ ᠳ᠋ᠤᠨᠢ ᠳᠤᠯᠵᠤ ᠬᠤᠶᠠᠷ ᠳᠤᠭᠰᠢᠵᠤ ᠦᠵᠡᠪᠠᠯ ᠶᠠᠭᠠᠭᠢᠳᠠᠭ ᠪᠣᠯ ︖ ᠣᠤᠬᠠᠢ᠂ ᠪᠢ ᠳᠠᠷᠠ ᠬᠤᠳᠠᠨ ᠳᠤ ᠰᠤᠷᠤᠯᠴᠠᠵᠤ ᠪᠠᠢ᠌ᠬᠤ ᠳᠤ ᠶᠠᠷᠤ ᠨᠢ ᠳᠡᠭ᠍ᠷᠢ ᠶᠢᠨ ᠬᠠᠶᠠᠭᠠᠨ ᠤ ᠳᠤᠤᠷ᠎ᠠ ᠯᠠ ᠪᠠᠢ᠌ᠭᠰᠠᠨ ᠳ᠋ᠠ᠂ ᠳᠡᠭ᠍ᠷᠢ ᠭᠡᠵᠤ ᠭᠦᠪᠠᠭᠡ ᠭᠢᠵᠠᠭᠠᠷ ᠦᠭᠡᠶ ᠶᠠᠭᠤᠮ᠎ᠠ ᠪᠢᠰᠢ᠂ ᠠᠭᠤᠯᠠ ᠶᠢᠨ ᠴᠠᠭᠠᠨᠠᠬᠠᠨ ᠥᠵᠡᠭ᠍ᠳᠡᠵᠤ ᠪᠠᠢ᠌ᠭᠰᠠᠨ᠃ ᠳᠡᠭᠡᠭᠡᠳ ᠯᠠ ᠬᠤᠶᠠᠷ ᠬᠠᠢ᠌ᠷᠴᠠᠭ ᠪᠠᠯᠡᠳᠦᠭᠡᠳ ᠨᠠᠷᠠ ᠰᠠᠷ᠎ᠠ ᠶᠢ ᠨᠢ ᠰᠠᠪᠠᠯᠠᠴᠢᠬᠠᠭᠠᠤᠨ ᠡᠳᠦᠷ ᠪᠣᠯᠭᠠᠬᠤ ᠰᠠᠨᠠᠭ᠎ᠠ ᠲᠡᠶ ᠪᠣᠯ ᠨᠠᠷᠠ ᠶᠢ ᠳᠠᠯᠪᠢᠵᠤ᠂ ᠰᠦᠨᠢ ᠪᠣᠯᠭᠠᠬᠤ ᠰᠠᠨᠠᠭ᠎ᠠ ᠲᠡᠶ ᠪᠣᠯ ᠰᠠᠷ᠎ᠠ ᠶᠢ ᠳᠠᠯᠪᠢᠴᠢᠬᠠᠭᠠᠤᠨ ᠰᠠᠭᠤᠬᠤ ᠨᠢ᠃ ᠶᠠᠷᠤ ᠨᠢ ᠨᠠᠷᠠ ᠶᠡᠭᠡ ᠪᠢᠯᠢᠤ ︖ ᠰᠠᠷ᠎ᠠ ᠶᠡᠭᠡ ᠪᠢᠯᠢᠤ ︖ ᠭᠡᠵᠤ ᠣᠳᠠᠭᠠᠨ ᠪᠣᠳᠤᠯ᠎ᠠ᠃ ᠳᠠᠪᠠᠳᠠᠢ ᠮᠡᠳᠡᠳᠡᠭ᠌ ᠴᠤ ᠪᠣᠯᠪᠠᠤ ᠭᠡᠳ 《ᠳᠠᠪᠠᠳᠠᠢ》 ᠭᠡᠵᠤ ᠬᠠᠰᠭᠢᠷᠪᠠ᠃
ᠡᠷᠭᠢᠮᠵᠢᠷᠭᠠᠯ ᠪᠠᠯᠠᠳᠴᠤ ᠳᠠᠯᠪᠢᠭᠰᠠᠨ ᠴᠠᠢ ᠶᠢᠨ ᠵᠢᠵᠢᠭ᠌ ᠳᠠᠪᠣᠷ᠎ᠠ ᠳᠡᠭᠡᠨ ᠪᠣᠴᠠᠯᠤᠭᠰᠠᠨ ᠣᠰᠤ ᠨᠡᠮᠡᠭᠡᠳ ᠣᠷᠤᠵᠤ ᠢᠷᠠᠪᠠ᠃
᠊᠊᠊᠊᠊᠊᠊᠊᠊᠊᠊᠊᠊᠊᠊ ᠳᠠᠪᠠᠳᠠᠢ ᠡ᠂ ᠪᠢ ᠴᠢᠮ᠎ᠠ ᠡᠴᠠ ᠠᠰᠠᠭᠤᠶ᠎ᠠ᠃ ᠨᠠᠷᠠ ᠶᠡᠭᠡ ᠦᠦ ︖ ᠰᠠᠷ᠎ᠠ ᠶᠡᠭᠡ ᠦᠦ ︖
᠊᠊᠊᠊᠊᠊᠊᠊᠊᠊᠊᠊᠊᠊᠊ ᠳᠠᠷᠤᠭ᠎ᠠ ᠡ᠂ ᠨᠠᠷᠠ ᠶᠡᠭᠡ᠃
᠊᠊᠊᠊᠊᠊᠊᠊᠊᠊᠊᠊᠊᠊᠊ ᠳᠡᠭᠡᠭᠡᠳ ᠶᠠᠭᠠᠭᠢᠭᠠᠤᠨ ᠰᠠᠷ᠎ᠠ ᠶᠡᠭᠡ ᠰᠢᠭ᠌ ᠰᠠᠨᠠᠭᠳᠠᠭᠠᠤᠨ ᠪᠠᠢ᠌ᠳᠠᠭ ᠶᠤᠮ᠃ ᠨᠠᠷᠠ ᠵᠦᠪᠭᠡᠨ ᠯᠠ ᠭᠡᠷᠡᠯ ᠪᠠᠢ᠌ᠬᠤ ᠡᠴᠠ ᠪᠢᠰᠢ᠂ ᠰᠠᠷ᠎ᠠ ᠰᠢᠭ ᠲᠥᠪ ᠳᠦᠭᠦᠷᠢᠭ᠌ ᠳᠤᠪ ᠳᠤᠳᠤᠷᠬᠠᠢ ᠬᠠᠷᠠᠭᠳᠠᠳᠠᠭ ᠦᠭᠡᠶ ᠰᠢᠳᠠ᠃
᠊᠊᠊᠊᠊᠊᠊᠊᠊᠊᠊᠊᠊᠊᠊ ᠳᠠᠷᠠ ᠴᠢᠨᠢ᠁ ᠪᠢ ᠶᠠᠭᠠᠭᠢᠵᠤ ᠶᠠᠷᠢᠪᠠᠯ ᠳᠠ ᠣᠢ᠌ᠯᠭᠠᠬᠤ ᠪᠣᠯ ︖
᠊᠊᠊᠊᠊᠊᠊᠊᠊᠊᠊᠊᠊᠊᠊ ᠶᠠᠷᠢᠨ᠎ᠠ ᠯᠠ ᠪᠠ᠂ ᠶᠠᠷᠢ᠃ ᠮᠡᠳᠡᠭᠦ ᠴᠢᠨᠡᠭᠡ ᠪᠠᠷ ᠶᠠᠷᠢ ᠭᠡᠳ ᠶᠠᠷᠳᠠᠭᠯᠠᠨ᠎ᠠ᠃
᠊᠊᠊᠊᠊᠊᠊᠊᠊᠊᠊᠊᠊᠊᠊ ᠪᠢᠳᠠ ᠭᠠᠵᠠᠷ ᠵᠦᠢ ᠶᠢᠨ ᠭᠢᠴᠢᠶᠠᠯ ᠳᠡᠭᠡᠷ᠎ᠡ ᠨᠠᠷᠠ ᠰᠠᠷ᠎ᠠ ᠳᠡᠯᠡᠭᠡᠢ ᠶᠢᠨ ᠪᠦᠮᠪᠦᠷᠴᠡᠭ᠌ ᠢ ᠢᠩᠭᠢᠵᠤ ᠰᠤᠷᠤᠭᠰᠠᠨ᠁
᠊᠊᠊᠊᠊᠊᠊᠊᠊᠊᠊᠊᠊᠊᠊ ᠪᠣᠯᠵᠠᠢ᠂ ᠪᠣᠯᠵᠠᠢ ︕ ᠴᠢ ᠳᠠᠷᠠ ᠬᠤᠭᠤᠰᠤᠨ ᠣᠨᠤᠯ ᠨᠠᠳᠠᠳᠤ ᠪᠣᠤ ᠶᠠᠷᠢ᠃ ᠪᠢ ᠴᠢᠮ᠎ᠠ ᠡᠴᠠ ᠪᠣᠳᠠᠳᠠᠢ ᠶᠠᠭᠤᠮ᠎ᠠ ᠠᠰᠠᠭᠤᠵᠤ ᠪᠠᠢ᠌ᠨ᠎ᠠ᠃ ᠳᠡᠯᠡᠭᠡᠢ ᠶᠢᠨ ᠪᠦᠮᠪᠦᠷᠴᠡᠭ᠌ ᠬᠠᠮᠤᠭ ᠶᠡᠭᠡ ᠶᠢ ᠪᠢ ᠮᠠᠳᠠᠨ᠎ᠠ᠂ ᠨᠠᠷᠠ ᠰᠠᠷ᠎ᠠ ᠨᠢ ᠳᠡᠭᠦᠨ ᠤ ᠳᠡᠭ᠍ᠷᠢ ᠳᠤ ᠪᠠᠢ᠌ᠬᠤ ᠶᠢ ᠥᠵᠡᠭᠦ ᠦᠭᠡᠶ ᠦᠦ ︖ ᠪᠢ ᠵᠥᠪᠭᠡᠨ ᠨᠠᠷᠠ ᠰᠠᠷ᠎ᠠ ᠬᠤᠶᠠᠷ ᠤᠨ ᠠᠯᠢ ᠨᠢ ᠶᠡᠭᠡ ᠪᠣᠢ ᠭᠡᠳ ᠠᠰᠠᠭᠤᠵᠤ ᠪᠠᠢ᠌ᠨ᠎ᠠ ᠭᠡᠵᠤ ᠣᠯᠠᠮ ᠳᠠᠭᠤ ᠨᠢ ᠴᠢᠩᠭ᠋ᠠᠷᠠᠯᠠ᠃
ᠡᠨᠡ ᠨᠤᠶᠠᠨ ᠡᠳᠦᠷ ᠲᠡᠭᠡᠨ ᠶᠠᠭᠤ ᠪᠣᠳᠤᠵᠤ ᠰᠠᠭᠤᠳᠠᠭ ᠭᠦᠮᠤᠨ ᠪᠣᠢ ︖ ᠳᠠᠩᠳᠠ ᠯᠠ ᠬᠤᠭᠤᠯᠠᠢ ᠵᠠᠰᠠᠨ ᠵᠠᠩᠳᠤᠷᠬᠤ ᠶᠢ ᠯᠠ ᠮᠡᠳᠡᠳᠡᠭ᠌ ᠭᠠᠢ᠌ᠬᠠᠯ ᠭᠡᠵᠤ ᠪᠣᠳᠤᠵᠤ ᠤᠳᠠᠭᠰᠠᠨ ᠡᠷᠭᠢᠮᠵᠢᠷᠭᠠᠯ᠄ 《ᠵᠠ᠂ ᠮᠠᠨ ᠤ ᠨᠤᠶᠠᠨ ᠭᠦᠮᠤᠨ ᠤ ᠨᠠᠷᠠ ᠶᠢ ᠥᠭᠡᠷᠡᠴᠢᠯᠡᠭᠡᠳ ᠵᠤᠭᠰᠤᠬᠤ ᠦᠭᠡᠶ᠂ ᠶᠢᠷᠳᠢᠠᠴᠤ ᠶᠢ ᠪᠠᠰᠠ ᠥᠭᠡᠷᠡᠴᠢᠯᠡᠨ᠎ᠡ ᠳ᠋ᠠ》 ᠭᠡᠵᠤ ᠮᠠᠭᠳᠠᠬᠤ ᠳᠤᠭᠤᠭᠢᠯᠠᠬᠤ ᠬᠤᠤᠰᠯᠠᠭᠤᠯᠤᠨ ᠢᠨᠢᠶᠠᠳᠤ ᠠᠯᠳᠠᠨ ᠶᠠᠷᠢᠪᠠ᠃
᠊᠊᠊᠊᠊᠊᠊᠊᠊᠊᠊᠊᠊᠊᠊ ᠶᠠᠭ ᠳᠠᠢ᠌ᠮᠤ ︕ ᠪᠢ ᠶᠢᠷᠳᠢᠠᠴᠤ ᠶᠢ ᠥᠭᠡᠷᠡᠴᠢᠯᠡᠶ᠎ᠡ ᠭᠡᠵᠤ ᠪᠣᠳᠤᠵᠤ ᠪᠠᠢ᠌ᠨ᠎ᠠ᠃
ᠡᠷᠭᠢᠮᠵᠢᠷᠭᠠᠯ ᠠᠮᠠᠨ ᠳ᠋ᠤᠨᠢ ᠢᠷᠡᠭ᠍ᠰᠡᠨ ᠢᠨᠢᠶᠠᠳᠤ ᠪᠠᠨ ᠠᠷᠠᠭᠠᠨ ᠳᠠᠭᠠᠨ ᠳᠠᠷᠤᠵᠤ ᠪᠠᠢ᠌ᠭᠠᠤᠨ 《ᠳᠡᠭᠡᠵᠤ ᠳᠠᠭᠠᠷᠠᠨ᠎ᠠ ᠪᠠᠢ᠌ᠬᠤ》 ᠭᠡᠵᠤ ᠳᠤᠰᠤ ᠨᠠᠮᠠᠪᠠ᠃
ᠴᠤᠤᠬᠠᠯ ᠨᠤᠶᠠᠨ ᠪᠣᠰᠴᠤ ᠵᠤᠭᠰᠤᠨ ᠨᠢᠷᠤᠭᠤ ᠪᠠᠨ ᠡᠭᠦᠷᠴᠤ ᠭᠡᠳᠡᠢ᠌ᠨ ᠡᠷᠭᠢᠴᠡᠵᠤ ᠰᠠᠨᠠᠭᠰᠠᠨ ᠶᠢᠡᠨ ᠶᠠᠷᠢᠯ᠎ᠠ᠃
ᠡᠷᠭᠢᠮᠵᠢᠷᠭᠠᠯ ᠢᠨᠢᠶᠠᠳᠤ ᠠᠯᠳᠠᠨ ᠴᠠᠢ ᠨᠡᠮᠡᠭᠦ ᠵᠠᠭᠤᠷ᠎ᠠ᠄ 《ᠡᠨᠡ ᠭᠠᠢ᠌ᠬᠠᠮᠰᠢᠭᠳᠤ ᠣᠬᠠᠭᠠᠨ ᠨᠤᠶᠠᠨ ᠳᠠᠨ ᠤ ᠬᠠᠮᠢᠭ᠎ᠠ ᠡᠴᠠ ᠨᠢ ᠣᠠᠳᠤᠷᠤᠭᠠᠤᠨ ᠪᠠᠢ᠌ᠨ᠎ᠠ ︖》 ᠭᠡᠰᠡᠨ ᠳ᠋ᠤ
᠊᠊᠊᠊᠊᠊᠊᠊᠊᠊᠊᠊᠊᠊᠊ ᠡᠨᠡ ᠪᠣᠯ ᠮᠢᠨᠤ ᠡ᠊ᠨᠳᠡ ᠡᠴᠠ ᠯᠠ ᠭᠠᠷᠳᠠᠭ ᠭᠡᠵᠤ ᠭᠡᠳᠡᠢ᠌ᠵᠤ ᠵᠤᠭᠰᠤᠭᠠᠤᠨ ᠭᠡᠳᠡᠰᠤ ᠪᠠᠨ ᠠᠯᠠᠭᠠᠳᠠᠪᠠ᠃
ᠡᠷᠭᠢᠮᠵᠢᠷᠭᠠᠯ ᠢᠨᠢᠶᠠᠳᠤ ᠠᠯᠳᠠᠭᠠᠤᠨ ᠭᠠᠷᠴᠤ ᠢᠷᠡᠭᠦ ᠳᠤ ᠠᠯᠪᠠᠨ ᠭᠡᠷ ᠲᠤ ᠪᠠᠢ᠌ᠭᠰᠠᠨ ᠪᠦᠭᠦᠳᠡ ᠠᠮᠠ ᠪᠠᠨ ᠳᠠᠷᠤᠭᠠᠤᠨ ᠢᠨᠢᠶᠠᠵᠤ ᠪᠠᠢ᠌ᠪᠠ᠃ ᠡᠷᠭᠢᠮᠵᠢᠷᠭᠠᠯ ᠣᠴᠢᠷ ᠢ ᠨᠠᠷᠢᠨ ᠶᠠᠷᠢᠬᠤ ᠳᠤ ᠪᠦᠭᠦᠳᠡᠭᠡᠷ ᠶᠢᠡᠨ ᠣᠷᠤᠨ ᠳᠠᠭᠠᠨ ᠳᠤᠭᠳᠠᠵᠤ ᠶᠠᠳᠠᠨ ᠢᠨᠢᠶᠠᠯᠳᠤᠪᠠ᠃
᠁ ᠁
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠮᠢᠩ ᠳ᠋ᠦ᠋ ᠹᠧᠩ ᠵᠢᠩ ᠪᠠᠭ᠎ᠠ ᠳᠤᠭᠤᠷᠢᠭ
ᠵᠤᠬᠢᠶᠠᠭᠴᠢ᠄ ᠨ·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 61582
ᠴᠠᠭ᠄ 2012 ᠤᠨ ᠤ 04 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ