☆ ᠬᠢ᠊·ᠮᠦᠩᠬᠡᠪᠠᠶᠠᠷ
ᠭᠦᠭᠡ ᠪᠠᠭᠤᠷᠢ
ᠳᠡᠭᠡᠳᠦᠰ ᠤᠨ ᠮᠢᠨᠢ ᠠᠷᠢᠭᠤᠨ ᠭᠠᠯ
ᠳᠡᠭ᠍ᠷᠢ ᠠᠭᠤᠯᠠ ᠡᠴᠡ ᠡᠭᠢᠯᠡᠵᠤ ᠨᠤᠴᠤᠭᠰᠠᠨ
ᠳᠡᠯᠡᠭᠡᠢ ᠶᠢᠨ ᠰᠡᠭᠡᠷ ᠳᠡᠭᠡᠷ᠎ᠡ ᠵᠢᠷᠭᠠᠬᠤ ᠭᠡᠵᠤ
ᠳᠠᠷᠠ ᠬᠤᠯᠠ ᠡᠴᠡ ᠢᠷᠡᠭ᠍ᠰᠡᠨ
ᠮᠢᠩᠭ᠋ᠠᠨ ᠰᠢᠪᠠᠭᠤᠳ ᠤᠨ ᠬᠠᠯᠠᠭᠤᠨ ᠳᠠᠯᠠᠪᠴᠢ
ᠨᠠᠷᠠ ᠰᠠᠷ᠎ᠠ ᠶᠢᠨ ᠭᠦᠳᠦᠯ ᠡᠯᠡᠭᠡᠭ᠍ᠰᠡᠨ
ᠮᠢᠨᠤ ᠮᠡᠳᠡᠳᠡᠭ᠌ ᠭᠦᠭᠡ ᠪᠠᠭᠤᠷᠢ ᠮᠢᠨᠢ
ᠨᠠᠳᠠ ᠡᠴᠡ ᠡᠷᠳᠡ ᠴᠢᠯᠠᠭᠤᠵᠢᠭᠰᠠᠨ
ᠨᠡᠭᠦᠵᠤ ᠭᠠᠷᠬᠤ ᠳᠠᠭᠠᠨ ᠪᠠᠭᠤᠷᠢ ᠪᠠᠨ ᠴᠡᠪᠠᠷᠯᠡᠳᠡᠭ᠌
ᠮᠢᠨᠤ ᠠᠷᠠᠤᠨ ᠤᠨ ᠰᠠᠢ᠌ᠬᠠᠨ ᠠᠷᠠᠠᠰᠢᠨ
ᠨᠡᠭᠦᠭᠡᠤᠨ ᠶᠠᠪᠣᠪᠠᠴᠤ ᠡᠷᠭᠢᠵᠤ ᠵᠤᠰᠠᠳᠠᠭ
ᠮᠢᠨᠤ ᠳᠡᠭᠡᠳᠦᠰ ᠤᠨ ᠭᠦᠭᠡ ᠪᠠᠭᠤᠷᠢ
ᠬᠤᠯᠠ ᠡᠴᠡ ᠢᠷᠡᠭᠦ ᠳᠤ ᠭᠦᠭᠡᠷᠡᠨ ᠬᠠᠷᠠᠭᠳᠠᠳᠠᠭ
ᠳᠤᠯᠭ᠎ᠠ ᠶᠢᠨ ᠭᠤᠷᠪᠠᠨ ᠴᠢᠯᠠᠭᠤ ᠲᠡᠶ ᠭᠦᠭᠡ ᠪᠠᠭᠤᠷᠢ
ᠬᠤᠨᠤᠭ ᠣᠳᠠᠭᠠᠤᠨ ᠰᠠᠨᠠᠨ ᠪᠠᠢ᠌ᠬᠤ ᠳᠤ
ᠳᠤᠭᠤᠯ ᠤᠨ ᠪᠠᠯᠴᠢᠭᠡᠷ ᠲᠡᠶ ᠭᠦᠭᠡ ᠪᠠᠭᠤᠷᠢ
ᠥᠭᠡᠷ᠎ᠡ ᠭᠦᠮᠤᠨ ᠬᠤᠨᠤᠭᠠᠤᠨ ᠭᠠᠷᠬᠤ ᠳᠤ
ᠨᠥᠭᠦᠷ ᠪᠣᠯᠳᠠᠭ ᠭᠦᠭᠡ ᠪᠠᠭᠤᠷᠢ
ᠦᠨᠦᠴᠢᠨ ᠰᠢᠪᠠᠭᠤ ᠥᠡᠵᠢᠭᠡᠤᠨ ᠨᠢᠰᠭᠦ ᠳᠤ
ᠨᠦᠮᠦᠷᠢ ᠪᠣᠯᠳᠠᠭ ᠭᠦᠭᠡ ᠪᠠᠭᠤᠷᠢ
ᠮᠢᠩᠭ᠋ᠠᠨ ᠴᠤᠬᠤᠷ ᠠᠳᠤᠭᠤ ᠥᠰᠦᠭᠡᠤᠨ ᠭᠠᠷᠬᠤ ᠳᠤ
ᠳᠤᠭ᠎ᠠ ᠶᠢ ᠨᠢ ᠳᠠᠮᠠᠭᠠᠯᠠᠳᠠᠭ ᠭᠦᠭᠡ ᠪᠠᠭᠤᠷᠢ
ᠮᠢᠩᠭ᠋ᠠᠨ ᠴᠠᠭᠠᠨ ᠬᠤᠨᠢ ᠴᠠᠳᠤᠭᠠᠤᠨ ᠢᠷᠡᠭᠦ ᠳᠤ
ᠳᠤᠯᠠᠭᠠᠬᠠᠨ ᠬᠤᠨᠤᠭᠤᠯᠳᠠᠭ ᠭᠦᠭᠡ ᠪᠠᠭᠤᠷᠢ᠃
ᠵᠤᠬᠢᠶᠠᠭᠴᠢ᠄ ᠬᠢ᠊·ᠮᠦᠩᠬᠡᠪᠠᠶᠠᠷ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3138
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ