ᠨᠡᠪᠲᠡᠷᠡᠨ ᠤᠷᠤᠬᠤ
ᠡᠭᠦᠳᠡᠨ ᠤ ᠴᠠᠰᠤ

ᠬᠠᠷᠠᠩᠭ᠋ᠤᠢ ᠶᠢ ᠴᠠᠪᠴᠢᠵᠤ

ᠰᠦᠨᠢᠵᠢᠨ ᠡᠷᠢᠭ᠍ᠰᠡᠨ ᠴᠠᠰᠤ

ᠬᠠᠷᠠᠴᠠ ᠶᠢ ᠭᠦᠪᠰᠥᠢᠳᠡᠯ᠎ᠡ

ᠭᠡᠭᠡ ᠠᠪᠴᠢᠷᠠᠭᠰᠠᠨ ᠪᠠᠢ᠌ᠨ᠎ᠠ

ᠰᠠᠬᠠᠭᠠᠯᠳᠠ ᠠᠢ᠌ᠯ ᠤᠳ

ᠡᠭᠦᠳᠡᠨ ᠤ ᠴᠠᠰᠤ ᠪᠠᠨ ᠳᠡᠭᠡᠭᠡᠵᠤ

ᠰᠠᠷᠠᠨ ᠤ ᠦᠷᠦᠪᠳᠠᠰᠤ ᠰᠢᠭ᠌ ᠰᠠᠢ᠌ᠬᠠᠨ ᠢ

ᠰᠠᠨᠠᠭᠠᠨ ᠡᠴᠡ ᠬᠤᠯᠠ ᠳᠦᠯᠭᠢᠴᠢᠭᠡᠭ᠍ᠰᠡᠨ ᠪᠠᠢ᠌ᠨ᠎ᠠ

ᠠᠢ ᠳ᠋ᠠ︕ ᠴᠠᠰᠤ ᠮᠢᠨᠢ

ᠠᠯᠳᠠᠨ ᠤ ᠦᠷᠦᠪᠳᠠᠰᠤ ᠪᠠᠷ ᠰᠢᠭᠤᠷᠤᠭᠰᠠᠨ ᠪᠣᠯ

ᠠᠢ᠌ᠯ ᠤᠳ ᠠᠯᠠᠯᠳᠤᠨ ᠳᠠᠭᠤᠰᠬᠤ ᠪᠠᠢ᠌ᠬ᠎ᠠ︖

ᠠᠮᠤᠭᠤᠯᠠᠩ ᠵᠢᠷᠭᠠᠯᠠᠩ ᠥᠵᠡᠭᠦ ᠭᠡᠵᠤ

ᠠᠯᠤᠰ ᠡᠴᠡ ᠪᠠᠭᠤᠭᠰᠠᠨ ᠴᠤ ᠪᠠᠢ᠌ᠪᠠᠤ ᠳ᠋ᠠ︕


ᠵᠤᠬᠢᠶᠠᠭᠴᠢ ᠶᠢᠨ ᠳᠤᠬᠠᠢ᠄  ᠳᠦᠷᠪᠠᠳ ᠡᠷᠳᠡᠨᠢᠪᠠᠶᠡᠷ᠂   2002 ᠣᠨ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠡᠴᠡ ᠳᠡᠭᠦᠰᠴᠤ ᠤᠳᠤ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠨ᠎ᠠ

ᠵᠤᠬᠢᠶᠠᠭᠴᠢ᠄ ᠳᠦᠷᠪᠡᠳ ᠡᠷᠳᠡᠨᠢᠪᠠᠶᠡᠷ
ᠢᠷᠡᠯᠲᠡ᠄ ᠰᠠᠮᠪᠠᠷ᠎ᠠ
ᠬᠠᠷᠢᠶ᠎ᠠ᠄ ᠰᠢᠯᠦᠭ
ᠳᠠᠷᠤᠮ᠄ 3346
ᠴᠠᠭ᠄ 2007 ᠤᠨ ᠤ 09 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ