ᠨᠡᠪᠲᠡᠷᠡᠨ ᠤᠷᠤᠬᠤ
ᠠᠰᠪᠣᠷᠢ ᠭᠦᠮᠤᠨ ᠤ ᠠᠷᠪᠠᠨ ᠳᠠᠪᠠᠭ᠎ᠠ

ᠠᠭᠠᠯᠢ ᠵᠠᠩ ᠶᠢᠡᠨ ᠬᠠᠯᠠᠵᠤ ᠨᠡᠢ᠌ᠭᠡᠮ ᠲᠡᠶ ᠨᠢᠭᠡᠳᠭᠦ ᠶᠢᠨ ᠳᠠᠪᠠᠭ᠎ᠠ

ᠠᠰ ᠤᠨ ᠨᠤᠶᠠᠨ ᠶᠢᠡᠨ ᠪᠢᠯᠳᠠᠤᠴᠢᠯᠠᠵᠤ ᠵᠡᠷᠭᠡ ᠳᠡᠪᠰᠢᠭᠦ ᠶᠢᠨ ᠳᠠᠪᠠᠭ᠎ᠠ

ᠠᠠᠳᠠ ᠨᠠᠢ᠌ᠵᠠ ᠪᠠᠨ ᠬᠠᠭᠤᠷᠴᠤ ᠱᠠᠳᠤ ᠪᠣᠯᠭᠠᠬᠤ ᠳᠠᠪᠠᠭ᠎ᠠ

ᠠᠪᠠᠯᠢ ᠭᠡᠷᠭᠡᠢ ᠪᠠᠨ ᠮᠡᠭᠡᠯᠡᠵᠤ ᠬᠠᠭᠤᠷᠮᠠᠭ ᠠᠮᠢᠳᠤᠷᠠᠬᠤ ᠳᠠᠪᠠᠭ᠎ᠠ

ᠠᠪᠣ ᠡᠵᠢ ᠪᠠᠨ ᠠᠰᠠᠷᠠᠵᠤ ᠠᠩᠭ᠎ᠠ ᠳᠡᠭᠦᠤ ᠪᠠᠨ ᠪᠠᠶᠠᠰᠬᠠᠬᠤ ᠳᠠᠪᠠᠭ᠎ᠠ

ᠠᠯᠳᠠᠷᠠᠢ ᠦᠷ᠎ᠡ ᠪᠠᠨ ᠰᠤᠷᠭᠠᠵᠤ ᠠᠰᠢᠳᠠ ᠡᠭᠡᠨᠡᠭ᠍ᠰᠢᠭᠦ ᠳᠠᠪᠠᠭ᠎ᠠ

ᠠᠩᠬᠠᠨ ᠤ ᠢᠨᠠᠭ ᠶᠢᠡᠨ ᠳᠤᠷᠠᠰᠴᠤ ᠠᠭᠤᠳᠠᠮᠴᠢ ᠨᠥᠭ᠍ᠴᠢᠭᠡᠭᠦ ᠳᠠᠪᠠᠭ᠎ᠠ

ᠠᠳᠠᠭ᠎ᠠ ᠬᠤᠷᠤᠰᠤᠯ ᠶᠢᠡᠨ ᠣᠭᠤᠷᠴᠤ ᠪᠣᠶᠠᠠᠰᠠᠭ ᠰᠡᠳᠭᠢᠭᠦ ᠳᠠᠪᠠᠭ᠎ᠠ

ᠠᠷᠠᠤᠨ ᠤᠨ ᠳᠦᠭᠦᠷᠢᠭ᠌ ᠬᠤᠮᠰᠠᠳᠠᠵᠤ ᠥᠭ᠍‍ᠭᠢᠶᠡᠮᠦᠷ ᠠᠮᠢᠳᠤᠷᠠᠬᠤ ᠳᠠᠪᠠᠭ᠎ᠠ

ᠠᠵᠢᠯ ᠣᠢ᠌ᠯᠠᠰ ᠬᠠᠭᠤᠷᠠᠢ᠌ᠳᠠᠵᠤ ᠳᠡᠨᠢᠭᠦᠨ ᠣᠷᠤᠰᠢᠬᠤ ᠳᠠᠪᠠᠭ᠎ᠠ

ᠠᠯᠬᠤᠮ ᠪᠦᠷᠢ ᠳᠤ ᠠᠭᠠᠯᠵᠢᠨ ᠳᠤᠤᠷ ᠰᠢᠭ ᠳᠠᠪᠬᠤᠷ ᠳᠠᠪᠠᠭ᠎ᠠ

ᠠᠯᠠᠭ ᠬᠤᠷᠸ᠎ᠠ ᠳᠤ ᠠᠮᠢᠳᠤ ᠯᠠ ᠪᠠᠢ᠌ᠪᠠᠯ ᠥᠭ᠍ᠰᠦᠵᠤ ᠳᠡᠢ᠌ᠯᠭᠦ ᠦᠭᠡᠶ ᠳᠠᠪᠠᠭ᠎ᠠ᠂᠂


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2012 ᠤᠨ ᠤ 09 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ