ᠨᠡᠪᠲᠡᠷᠡᠨ ᠤᠷᠤᠬᠤ
ᠨᠤᠳᠤᠭ ᠤᠨ ᠪᠠᠷ᠎ᠠ

ᠭᠦᠭᠡ ᠣᠭᠳᠠᠷᠭᠤᠢ ᠳᠤ

ᠭᠦᠪᠦᠩ ᠡᠭᠦᠯᠡ ᠨᠡᠭᠦᠳᠡᠯᠯᠡᠨ

ᠭᠦᠳᠡᠭᠡ ᠳᠠᠯ᠎ᠠ ᠳᠤ

ᠭᠦᠯᠦᠭ᠌ ᠮᠤᠷᠢ ᠳᠤᠪᠳᠤᠯᠤᠭᠰᠠᠨ

ᠭᠦᠭᠡ ᠮᠤᠩᠭ᠋ᠤᠯ ᠤᠨ

ᠣᠩᠭ᠋ᠤᠨ ᠨᠤᠳᠤᠭ ᠮᠢᠨᠢ

ᠭᠦᠭᠡᠮᠳᠦᠭ᠌ ᠳᠦᠷᠰᠦ ᠪᠠᠨ

ᠦᠨᠦ ᠠᠯᠳᠠᠵᠤ ᠢᠷᠠᠯ᠎ᠠ᠃

ᠳᠠᠯ᠎ᠠ ᠳᠦᠭᠦᠷᠡᠩ ᠪᠠᠯᠴᠢᠭ᠍ᠰᠡᠨ

ᠳᠠᠪᠤᠨ ᠬᠤᠰᠢᠭᠤ ᠮᠠᠯ ᠮᠢᠨᠢ

ᠳᠠᠰᠢᠶ᠎ᠠ ᠶᠢᠨ ᠴᠢᠯᠡᠭᠡ ᠪᠠᠨ

ᠭᠠᠷᠭᠠᠵᠤ ᠳᠡᠢ᠌ᠯᠭᠦ ᠦᠭᠡᠶ

ᠳᠠᠮᠤᠷ ᠳᠤᠤᠷ ᠊ᠤᠨ

ᠳᠦᠷᠪᠡᠯᠵᠢᠨ ᠭᠦᠷᠢᠶᠡᠨ ᠳᠤ

ᠭᠠᠵᠠᠷ ᠭᠤᠳᠤᠯᠵᠠᠭᠤᠯᠤᠨ ᠴᠤᠤᠷᠢᠶᠠᠯᠠᠵᠤ

ᠡᠵᠡᠨ ᠤ ᠪᠠᠨ ᠵᠢᠷᠦᠭᠡ ᠶᠢ ᠰᠢᠮᠰᠢᠷᠡᠭᠦᠯᠦᠨ᠎ᠡ᠃

ᠠᠷᠴᠢᠭᠰᠠᠨ ᠳᠤᠯᠢ ᠭᠡᠮᠡᠷᠭᠡᠨ

ᠨᠠᠭᠤᠷ ᠳᠤᠭᠤᠷᠢᠮ ᠳᠠᠭᠠᠨ

ᠠᠮᠠᠷᠠᠭᠯᠠᠨ ᠵᠤᠰᠠᠳᠠᠭ

ᠠᠩᠭᠢᠷ ᠰᠢᠪᠠᠭᠤᠳ ᠮᠢᠨᠢ

ᠨᠤᠳᠤᠭ ᠤᠨ ᠣᠭᠳᠠᠷᠭᠤᠢ ᠳᠠᠭᠠᠨ

ᠡᠷᠭᠢᠴᠡᠨ ᠳᠠᠨᠤᠴᠢᠯᠠᠵᠤ

ᠭᠠᠩᠰᠠᠷᠠᠨ ᠣᠶᠠᠷᠠᠭᠰᠠᠨ ᠳᠠᠭᠤᠨ ᠨᠢ

ᠠᠭᠠᠷ ᠤᠨ ᠴᠡᠭᠡᠯ ᠢ ᠡᠮᠵᠢᠭᠯᠡᠭᠦᠯᠦᠨ᠎ᠡ᠂

ᠬᠤᠰᠤᠨ ᠣᠷᠭ᠎ᠠ ᠪᠠᠨ ᠨᠠᠮᠢᠯᠵᠠᠭᠤᠯᠤᠨ

ᠬᠤᠯᠠᠨ ᠰᠢᠷ᠎ᠠ ᠪᠠᠨ ᠳᠠᠪᠭᠢᠭᠤᠯᠵᠤ

ᠰᠤᠮᠤᠳᠠᠨ ᠵᠦᠰᠤᠵᠤ ᠳᠤᠪᠳᠤᠯᠤᠭᠰᠠᠨ

ᠡᠮᠨᠢᠭ᠌ ᠪᠦᠷᠭᠦᠤᠨ ᠢ ᠣᠷᠭᠠᠯᠠᠭ᠎ᠠ

ᠠᠳᠤᠭᠤᠴᠢᠨ ᠵᠠᠯᠠᠭᠤ ᠶᠢᠨ

ᠣᠷᠠᠨ ᠠᠪᠬᠠᠯᠵᠢᠳᠤ ᠳᠦᠷᠢ

ᠠᠷᠤᠤᠬᠠᠨ ᠨᠤᠳᠤᠭ ᠤᠨ ᠪᠠᠷ᠎ᠠ ᠳᠠᠭᠠᠨ

ᠠᠰᠢᠳᠠ ᠶᠢᠨ ᠢᠨᠠᠭᠰᠢᠯ ᠦᠭᠡᠶ ᠭᠡᠵᠤ ᠦᠦ︖

ᠲ᠋ᠤᠯᠭᠠᠳᠤ ᠰᠦ᠋ ᠶᠢᠨ ᠠᠩᠭᠢᠯᠤᠮ᠎ᠠ ᠦᠨᠦᠷ ᠢ

ᠳᠠᠯ᠎ᠠ ᠳᠦᠭᠦᠷᠡᠩ ᠬᠠᠩᠬᠤᠯᠤᠭᠤᠯᠤᠭᠰᠠᠨ

ᠲ᠋ᠤᠷᠳᠤᠩ ᠠᠯᠴᠢᠭᠤᠷ ᠭᠡᠢ᠌ᠰᠭᠡᠵᠤ

ᠣᠷᠳᠤ ᠶᠢᠨ ᠳᠠᠭᠤᠤ ᠬᠠᠩᠭᠢᠨᠠᠭᠤᠯᠤᠨ ᠪᠠᠢ᠌ᠭ᠎ᠠ

ᠬᠤᠨᠢᠴᠢᠨ ᠭᠡᠦᠭᠡᠨ ᠤ

ᠣᠶᠠᠨ ᠭᠤᠸᠠᠯᠢᠭ ᠭᠠᠯᠪᠢᠷ

ᠬᠤᠩᠭ᠋ᠤᠷᠬᠠᠨ ᠨᠤᠳᠤᠭ ᠤᠨ ᠪᠠᠷ᠎ᠠ ᠳᠠᠭᠠᠨ

ᠮᠥᠩᠭᠡ ᠶᠢᠨ ᠠᠮᠠᠷᠠᠭᠯᠠᠯ ᠦᠭᠡᠶ ᠭᠡᠵᠤ ᠦᠦ︖

ᠰᠢᠳᠢᠳᠤ ᠮᠤᠷᠢᠨ ᠬᠤᠭᠤᠷ ᠤᠨ ᠮᠢᠨᠢ

ᠣᠶᠠᠩᠭ᠋ᠠᠳᠤ ᠭᠤᠶᠤᠬᠠᠨ ᠡᠭᠡᠰᠢᠭ᠌ ᠲᠤ

ᠰᠢᠷ᠎ᠠ ᠡᠯᠡᠰᠤᠨ ᠤ ᠱᠤᠤᠭᠢᠯ

ᠬᠤᠯᠢᠯᠳᠤᠨ ᠰᠢᠪᠳᠤᠬᠤ ᠨᠢ ᠬᠠᠷᠠᠮᠰᠠᠯᠳᠠᠢ᠃

ᠪᠣᠭᠤᠷᠤᠯ ᠭᠦᠭᠡ ᠴᠢᠨ᠋ᠸ᠎ᠠ ᠶᠢᠨ ᠮᠢᠨᠢ

ᠬᠠᠨᠢ ᠪᠠᠨ ᠡᠷᠢᠭ᠍ᠰᠡᠨ ᠣᠢ᠌ᠯᠠᠯᠭ᠎ᠠ ᠳᠤ

ᠪᠣᠭᠳᠠ ᠬᠠᠨ ᠤ ᠡᠩᠭᠡᠷ ᠡᠴᠡ

ᠦᠨᠦᠴᠢᠨ ᠴᠤᠤᠷᠢᠶᠠᠯᠠᠯ ᠰᠤᠨᠤᠷᠳᠠᠬᠤ ᠨᠢ ᠭᠤᠨᠢᠶᠠᠯᠳᠠᠢ᠃

ᠮᠤᠩᠭ᠋ᠤᠯ ᠨᠤᠳᠤᠭ ᠤᠨ ᠮᠢᠨᠢ ᠪᠠᠷ᠎ᠠ

ᠮᠦᠨ ᠳᠦᠷᠰᠦ ᠪᠠᠨ ᠠᠯᠳᠠᠵᠤ ᠶᠠᠪᠣᠭ᠎ᠠ ᠴᠤ

ᠮᠤᠩᠭ᠋ᠤᠯ ᠭᠦᠮᠤᠨ ᠤ ᠮᠦᠰᠤ

ᠬᠤᠪᠢᠷᠠᠵᠤ ᠣᠠᠳᠤᠤᠰᠢᠬᠤ ᠶᠤᠰᠤ ᠦᠭᠡᠶ᠂

ᠮᠤᠩᠭ᠋ᠤᠯ ᠨᠤᠳᠤᠭ ᠤᠨ ᠪᠠᠷ᠎ᠠ ᠪᠠᠨ

ᠮᠤᠩᠭ᠋ᠤᠯ ᠭᠦᠮᠤᠨ ᠊᠊᠊᠊᠊᠊᠊᠊᠊᠊᠊᠊᠊᠊᠊ ᠡᠵᠡᠨ ᠨᠢ ᠪᠢᠳᠠ

ᠦᠷᠤ ᠵᠢᠷᠦᠭᠡ ᠲᠡᠶ ᠪᠠᠨ ᠬᠤᠯᠪᠣᠵᠤ

ᠥᠨᠦᠰᠭᠦ ᠬᠠᠮᠠᠷ ᠤᠨ ᠵᠠᠭᠠᠷ

ᠥᠵᠡᠭᠦ ᠨᠢᠳᠤᠨ ᠤ ᠴᠡᠴᠡᠭᠡᠢ ᠰᠢᠭ᠌ ᠶᠢᠡᠨ

ᠬᠠᠢ᠌ᠷᠠᠯᠠᠵᠤ ᠭᠢᠮᠠᠭᠠᠳᠠᠵᠤ ᠶᠠᠪᠣᠶ᠎ᠠ︕

2005 ᠣᠨ ᠤ 1 ᠰᠠᠷ᠎ᠠ ᠶᠢᠨ 10 ᠊ᠨ᠎ᠠ


ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠨᠡᠢ᠌ᠭᠡᠮ ᠵᠦᠢ ᠵᠠᠩ ᠣᠢ᠌ᠯᠠ ᠵᠦᠢ᠌ ᠶᠢᠨ ᠰᠠᠯᠪᠣᠷᠢ 2003 ᠣᠨ ᠤ ᠠᠩᠭᠢ᠂ ᠨᠠᠷᠠᠰᠤ


ᠵᠤᠭᠢᠶᠠᠭᠴᠢ ᠶᠢᠨ ᠬᠤᠪᠢ ᠶᠢᠨ ᠳᠠᠨᠢᠯᠴᠠᠭᠤᠯᠭ᠎ᠠ᠄ ᠪᠢ ᠭᠤᠤ ᠵᠢᠨ ᠰᠦᠩ ᠭᠡᠳᠡᠭ᠌᠃ ᠰᠢᠯᠦᠭ᠌ ᠵᠤᠬᠢᠶᠠᠯ ᠳᠠᠭᠠᠨ ᠨᠠᠷᠠᠰᠤ ᠭᠡᠭᠦ ᠪᠢᠷ ᠤᠨ ᠨᠠᠷ᠎ᠠ ᠪᠠᠷ ᠶᠠᠪᠣᠵᠤ ᠪᠠᠢ᠌ᠨ᠎ᠠ᠃ ᠣᠭ ᠤᠨ ᠨᠤᠳᠤᠭ ᠨᠢ᠋ᠮᠠᠨ ᠬᠤᠰᠢᠭᠤ᠃ 94 ᠣᠨ ᠤ ᠦᠶᠡᠷ ᠣᠰᠤᠳᠤᠯ ᠡᠴᠡ ᠪᠣᠯᠵᠤ ᠲᠦᠩᠯᠢᠶᠤᠤ ᠬᠤᠳᠠ ᠶᠢᠨ ᠬᠤᠷᠴᠢᠨ ᠳᠤᠭᠤᠷᠢᠭ ᠤᠨ ᠳᠠᠯᠠᠩ ᠪᠠᠯᠭᠠᠰᠤᠨ ᠳᠤ ᠨᠡᠭᠦᠨ ᠢᠷᠡᠭ᠍ᠰᠡᠨ ᠶᠤᠮ᠃ ᠣᠳᠤ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠨᠡᠢ᠌ᠭᠡᠮ ᠵᠦᠢ ᠵᠠᠩ ᠣᠢ᠌ᠯᠠ ᠶᠢᠨ ᠳᠡᠭᠡᠳᠤ ᠰᠤᠷᠭᠠᠭᠤᠯᠢ ᠶᠢᠨ ᠨᠡᠢ᠌ᠭᠡᠮ ᠵᠦᠢ᠌ ᠶᠢᠨ ᠳᠤᠰᠬᠠᠢ ᠮᠡᠷᠭᠡᠵᠢᠯ ᠤᠨ ᠳᠦᠷᠪᠠᠳᠦᠭᠡᠷ ᠣᠨ ᠤ ᠣᠶᠤᠳᠠᠨ ᠴᠤᠯᠠ ᠲᠡᠶ ᠪᠠᠢ᠌ᠭ᠎ᠠ᠃ ᠬᠤᠷᠸ᠎ᠠ ᠳᠤ ᠭᠠᠭᠴᠠ ᠡᠵᠢ ᠶᠢᠨ ᠶᠢᠡᠨ ᠬᠠᠯᠠᠭᠤᠨ ᠡᠯᠢᠭᠡᠨ ᠡᠴᠡ ᠬᠤᠷᠴᠢᠨ ᠨᠤᠳᠤᠭ ᠤᠨ ᠭᠦᠷᠦᠰᠤᠨ ᠳᠤ ᠣᠨᠠᠬᠤ ᠡᠴᠡ ᠠᠪᠣᠭᠠᠤᠨ ᠬᠤᠷᠠᠭ᠎ᠠ ᠳᠤᠭᠤᠯ ᠤᠨ ᠮᠠᠢ᠌ᠯᠠᠯ ᠮᠥᠭᠡᠷᠡᠯ ᠳᠤ ᠳᠤᠷᠨᠢᠨ᠂ ᠭᠦᠳᠦᠰᠤᠨ ᠳᠠᠪᠠᠯ ᠲᠡᠶ ᠭᠦᠯᠦᠭ᠌ ᠤᠨ ᠨᠢᠷᠤᠭᠤᠨ ᠳᠤ ᠭᠦᠯᠦᠷᠡᠵᠤ ᠶᠠᠪᠣᠭᠰᠠᠨ ᠡᠴᠡ ᠪᠠᠨ ᠴᠢᠩᠭᠢᠰ ᠪᠣᠭᠳᠠ ᠶᠢᠨ ᠰᠠᠭᠢᠶ᠎ᠠ ᠲᠡᠶ᠂ ᠴᠡᠩᠭᠡᠷ ᠳᠡᠭ᠍ᠷᠢ ᠶᠢᠨ ᠮᠠᠨᠠᠭ᠎ᠠ ᠲᠡᠶ᠂ ᠮᠢᠩᠭ᠋ᠠᠨ ᠣᠨ ᠤ ᠴᠤᠤᠷᠢᠶ᠎ᠠ ᠲᠡᠶ᠂ ᠢᠷᠠᠭᠤ ᠰᠠᠢ᠌ᠬᠠᠨ ᠮᠤᠩᠭ᠋ᠤᠯ ᠰᠤᠶᠤᠯ ᠳᠠᠭᠠᠨ ᠭᠦᠷᠦᠪᠵᠢᠨ᠂ ᠵᠢᠯᠦᠭᠤ ᠰᠤᠩᠭ᠋ᠠᠵᠤ ᠢᠷᠠᠯ᠎ᠠ᠃ ᠮᠤᠩᠭ᠋ᠤᠯ ᠰᠤᠶᠤᠯ ᠳᠠᠭᠠᠨ ᠡᠯᠢᠭᠡ ᠵᠢᠷᠦᠭᠡ ᠳᠠᠳᠠᠯᠳᠤᠬᠤ ᠳᠠᠭᠠᠨ ᠮᠤᠩᠭ᠋ᠤᠯ ᠰᠤᠶᠤᠯ ᠤᠨ ᠮᠢᠨᠢ ᠳᠤᠩ ᠣᠯᠠᠨ ᠵᠣᠢ᠌ᠯᠠᠰ ᠪᠠᠯᠠᠷᠬᠠᠢ᠌ᠳᠤᠵᠤ ᠪᠠᠢ᠌ᠬᠤ ᠪᠣᠶᠤ ᠮᠠᠷᠳᠠᠭᠳᠠᠨ ᠪᠠᠢ᠌ᠭ᠎ᠠ ᠭᠡᠴᠡᠭᠦᠭᠡᠨ ᠪᠠᠢ᠌ᠳᠠᠯ ᠳᠤ ᠦᠨᠳᠦᠰᠦᠳᠠᠨ ᠳᠡᠭᠡᠨ ᠬᠠᠷᠢᠭᠤᠴᠠᠬᠤ ᠣᠪᠣᠷ ᠡᠴᠡ ᠨᠡᠢ᠌ᠭᠡᠮ ᠵᠦᠢ ᠵᠠᠩ ᠣᠢ᠌ᠯᠠ ᠵᠦᠢ᠌ ᠶᠢᠨ ᠳᠤᠰᠬᠠᠢ ᠮᠡᠷᠭᠡᠵᠢᠯ ᠢ ᠰᠤᠷᠤᠯᠴᠠᠵᠤ ᠪᠠᠢ᠌ᠭ᠎ᠠ᠃ ᠲ᠋ᠠᠭᠠᠤ ᠳ᠋ᠤᠨᠢ ᠦᠪᠡᠷ ᠤᠨ ᠳᠤᠷ᠎ᠠ ᠲᠡᠶ ᠪᠠᠬ᠎ᠠ ᠲᠡᠶ ᠭᠡᠭᠦ ᠵᠢᠷᠦᠭᠡᠨ ᠳᠤᠯᠳᠤ ᠶᠢᠨ ᠳᠤᠭᠳᠤᠯᠤᠯ ᠡᠴᠡ ᠪᠠᠨ ᠮᠤᠩᠭ᠋ᠤᠯ ᠰᠢᠯᠦᠭ᠌ ᠵᠤᠬᠢᠶᠠᠯ ᠶᠢᠡᠨ ᠣᠷᠤᠯᠳᠤᠵᠤ᠂ ᠣᠪᠣᠭᠠᠨ ᠳᠠᠭᠠᠨ ᠨᠢᠭᠡ ᠭᠡᠰᠡᠭ᠌ ᠴᠤ ᠭᠡᠰᠡᠨ ᠴᠢᠯᠠᠭᠤ ᠨᠠᠮᠠᠵᠤ᠂ ᠮᠤᠩᠭ᠋ᠤᠯ ᠰᠢᠯᠦᠭ᠌ ᠶᠢᠡᠷ ᠶᠢᠡᠨ ᠮᠤᠩᠭ᠋ᠤᠯ ᠤᠨ ᠲᠦᠮᠡᠨ ᠤ ᠪᠠᠨ ᠠᠮᠢᠳᠤᠷᠠᠯ ᠤᠨ ᠳᠡᠦᠭᠡ᠂ ᠤᠳᠤ᠂ ᠢᠷᠡᠭᠡᠳᠦᠢ ᠶᠢ ᠳᠤᠰᠬᠠᠵᠤ ᠳᠤᠯᠢᠳᠠᠭᠤᠯᠤᠶ᠎ᠠ ᠰᠠᠨᠠᠭᠰᠠᠨ᠃ ᠲ᠋ᠡᠦᠭᠡ ᠶᠢᠨ ᠭᠢᠯᠠᠷᠠᠯ ᠳᠠᠭᠠᠨ ᠭᠦᠭ᠍ᠰᠡᠨ ᠤᠮᠤᠭᠰᠢᠵᠤ᠂ ᠭᠦᠴᠦᠯᠡᠨ ᠣᠷᠤᠭᠰᠢᠯᠠᠬᠤ ᠪᠠᠨ ᠣᠮᠠᠷᠳᠠᠬᠤ ᠵᠢᠴᠢ ᠰᠤᠶᠤᠯ ᠤᠨ ᠨᠠᠪᠴᠢᠯᠳᠤᠯ ᠤᠨ ᠬᠤᠷᠴᠠ ᠰᠢᠷᠦᠭᠦᠨ ᠪᠠᠢ᠌ᠳᠠᠯ ᠳᠤ ᠮᠤᠩᠭ᠋ᠤᠯ ᠰᠤᠶᠤᠯ ᠮᠢᠨᠢ ᠭᠡᠷᠡᠭ᠌ ᠦᠭᠡᠶ ᠪᠣᠯᠵᠠᠢ ᠭᠡᠭᠦ ᠭᠤᠨᠢᠭᠯᠠᠨ ᠰᠠᠭᠤᠬᠤ ᠪᠣᠳᠤᠯ ᠰᠡᠳᠬᠢᠯᠭᠡ ᠶᠢ ᠳᠠᠪᠴᠢᠨ᠂ ᠮᠤᠩᠭ᠋ᠤᠯ ᠭᠦᠮᠤᠨ ᠪᠦᠭᠦᠨ ᠮᠤᠩᠭ᠋ᠤᠯ ᠰᠡᠳᠭᠢᠭᠦᠢ ᠪᠠᠷ ᠶᠢᠡᠨ᠂ ᠮᠤᠬᠤᠰᠢ ᠦᠭᠡᠶ ᠵᠤᠷᠢᠭ ᠪᠠᠷ ᠶᠢᠡᠨ᠂ ᠴᠠᠴᠠᠨ ᠣᠬᠠᠭᠠᠨ ᠶᠢᠡᠷ ᠶᠢᠡᠨ ᠦᠪᠡᠷ ᠤᠨ ᠶᠢᠡᠨ ᠠᠮᠢᠳᠤᠷᠠᠯ ᠶᠢᠡᠨ ᠴᠤᠭᠴᠠᠯᠠᠪᠠᠯ ᠵᠣᠢ᠌ᠳᠠᠢ ᠭᠡᠭᠦ ᠰᠠᠨᠠᠭ᠎ᠠ ᠶᠢ ᠣᠬᠠᠭᠤᠯᠬᠤ ᠭᠡᠰᠡᠨ᠃

ᠡᠢ᠌ᠮᠤ ᠳᠡᠭᠡᠨ ᠡᠷᠭᠢᠮ ᠳᠠᠨ ᠤ ᠳᠤᠤᠷ ᠰᠦᠯᠵᠢᠶ᠎ᠠ ᠳᠤ ᠳᠦᠰᠢᠭᠯᠡᠨ ᠦᠪᠡᠷ ᠤᠨ ᠶᠢᠡᠨ ᠰᠢᠯᠦᠭ᠌ ᠢ ᠲᠦᠮᠡᠨ ᠳᠡᠭᠡᠨ ᠰᠤᠨᠢᠷᠬᠠᠭᠤᠯᠤᠶ᠎ᠠ ᠰᠠᠨᠠᠭᠰᠠᠨ᠃ ᠲ᠋ᠠᠨ ᠤ ᠳᠤᠤᠷ ᠰᠦᠯᠵᠢᠶᠠᠨ ᠤ ᠣᠢ᠌ᠯᠠᠰ ᠳᠤᠩ ᠰᠠᠢ᠌ᠨ ᠪᠠᠢ᠌ᠨ᠎ᠠ᠃ ᠮᠤᠩᠭ᠋ᠤᠯ ᠵᠠᠩ ᠣᠢ᠌ᠯᠠ᠂ ᠮᠤᠩᠭ᠋ᠤᠯ ᠣᠤᠠᠬ᠎ᠠ ᠵᠤᠬᠢᠶᠠᠯ ᠣᠯᠠᠨ ᠣᠯᠠᠨ ᠠᠭᠤᠯᠭ᠎ᠠ ᠨᠤᠭᠤᠳ ᠪᠢᠳᠠ ᠣᠯᠠᠨ ᠤ ᠬᠠᠷᠠᠭ᠎ᠠ ᠶᠢ ᠦᠷᠭᠡᠳᠭᠡᠵᠤ᠂ ᠰᠡᠳᠬᠢᠯ ᠢ ᠪᠠᠶᠠᠰᠬᠠᠨ᠂ ᠣᠢ ᠶᠢ ᠨᠡᠮᠡᠭ᠍ᠳᠡᠭᠦᠯᠤᠨ᠂ ᠤᠮᠠᠷᠳᠠᠭᠰᠠᠨ ᠢ ᠮᠡᠳᠡᠭᠦᠯᠵᠤ᠂ ᠳᠦᠭᠡᠷᠢᠭ᠍ᠳᠡᠭ᠍ᠰᠡᠨ ᠢ ᠭᠡᠭᠡᠷᠡᠭᠦᠯᠤᠨ ᠪᠠᠢ᠌ᠨ᠎ᠠ᠃

ᠳᠠᠨ ᠤ ᠣᠢ᠌ᠯᠠᠰ ᠮᠥᠩᠭᠡ ᠶᠢᠨ ᠭᠢᠯᠪᠠᠭ᠎ᠠ ᠰᠡᠴᠦᠷᠡᠵᠤ᠂ ᠮᠥᠩᠭᠡ ᠭᠦᠭᠡ ᠳᠡᠭ᠍ᠷᠢ ᠶᠢᠨ ᠠᠷᠢᠭᠤᠨ ᠪᠣᠶᠠᠨ ᠳᠤ ᠰᠢᠳᠦᠭ᠍ᠳᠤᠨ ᠮᠤᠩᠭ᠋ᠤᠯ ᠰᠤᠶᠤᠯ ᠤᠨ ᠶᠢᠡᠨ ᠭᠡᠭᠡᠪᠴᠢ ᠪᠣᠯᠳᠤᠭᠠᠢ ᠭᠡᠮᠡᠨ ᠵᠦᠩᠨᠠᠶ᠎ᠠ︕

ᠨᠠᠷᠠᠰᠤ ᠡᠴᠡ

2006.12.16

ᠵᠤᠬᠢᠶᠠᠭᠴᠢ᠄ ᠨᠠᠷᠠᠰᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 5192
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ