ᠨᠡᠪᠲᠡᠷᠡᠨ ᠤᠷᠤᠬᠤ
ᠠᠬᠠᠷ ᠨᠠᠢ᠌ᠷᠠᠭᠤᠯᠤᠯ ᠭᠤᠷᠪᠠ

ᠳᠤᠮᠪᠣ ᠶᠢᠨ ᠳᠤᠮᠤᠭ


ᠪᠣᠷᠠᠭ᠎ᠠ ᠮᠤᠳᠤᠨ ᠪᠦᠰᠡ ᠲᠡᠶ

ᠪᠣᠭᠤᠷᠤᠯ ᠳᠡᠭᠡᠳᠦᠰ ᠤᠨ ᠨᠠᠠᠳᠢᠨ ᠦᠪ

ᠬᠠᠷᠭᠠᠢ ᠽᠠᠠᠳᠠᠨ ᠶᠢᠡᠷ ᠣᠷᠠᠯᠠᠭᠰᠠᠨ

ᠬᠠᠷᠠᠴᠤ ᠠᠷᠠᠤᠨ ᠤᠨ ᠪᠦᠳᠦᠭᠡᠯ - ᠳᠤᠮᠪᠣ ︕

ᠲ᠋ᠤᠬᠤᠢ ᠭᠢᠷᠢ ᠦᠨᠳᠦᠷ᠂ ᠢᠷᠤᠭᠠᠯ ᠤᠨ ᠡᠵᠡᠯᠡᠭᠦᠨ ᠨᠢ ᠠᠮᠠᠰᠠᠷ ᠡᠴᠡ ᠪᠠᠨ ᠡᠯᠢᠶᠡᠳ᠂ ᠳᠠᠪᠤᠨ ᠪᠦᠰᠡ ᠲᠡᠶ᠂ ᠠᠮᠠᠰᠠᠷ ᠲᠠᠭᠠᠨ ᠰᠡᠳᠡᠷᠭᠡᠢ ᠲᠡᠶ ᠬᠠᠭᠤᠴᠢᠨ ᠳᠤᠮᠪᠣ ᠶᠢ ᠪᠢ ᠪᠢᠴᠢᠭ᠌ ᠤᠨ ᠦᠷᠦᠭᠡ ᠳᠡᠭᠡᠨ ᠭᠦᠡᠳᠦᠳᠭᠡᠨ ᠵᠠᠯᠠᠵᠤ ᠭᠡᠳᠤᠨ ᠵᠢᠯ ᠪᠣᠷᠬᠠᠨ ᠰᠢᠭ ᠡᠷᠭᠢᠮᠯᠡᠨ ᠳᠠᠭᠢᠯ᠎ᠠ᠃ ᠳᠠᠭᠢᠯ᠎ᠠ ᠭᠡᠵᠤ ᠳᠠᠷᠴᠠ ᠶᠢᠨ ᠳᠠᠯᠪᠢᠭᠤᠷ ᠳᠡᠭᠡᠷ᠎ᠡ ᠳᠠᠯᠪᠢᠵᠤ᠂ ᠬᠠᠶᠠ ᠬᠤᠭ ᠳᠤᠭᠤᠰᠤ ᠶᠢ ᠨᠢ ᠠᠷᠴᠢᠬᠤ ᠳᠠᠳᠤᠢ᠃

ᠡᠨᠡ ᠳᠤᠮᠪᠣ ᠮᠢᠨᠤ ᠡᠪᠦᠭᠡ ᠶᠢᠨ ᠡᠳ᠋ᠯᠡᠯ ᠪᠢᠰᠢ᠃ ᠬᠠᠷᠢᠨ ᠠᠢ᠌ᠯ ᠤᠨ ᠪᠠᠭᠤᠷᠢ ᠳᠡᠭᠡᠷ᠎ᠡ ᠡᠴᠡ ᠣᠯᠵᠤ ᠠᠪᠣᠭᠰᠠᠨ ᠣᠯᠵᠠ᠃ ᠨᠠᠷᠠ ᠰᠠᠯᠭᠢᠨ ᠳᠤ ᠦᠬᠢᠷᠠᠵᠤ ᠪᠠᠬᠠᠨ ᠬᠠᠭᠤᠴᠢᠷᠠᠯ᠎ᠠ ᠭᠡᠭᠦ ᠡᠴᠡ ᠪᠢᠰᠢ ᠣᠭ ᠤᠨ ᠭᠡᠪ ᠳᠦᠷᠰᠤ ᠪᠠᠨ ᠠᠯᠳᠠᠭᠠᠤᠨ ᠦᠭᠡᠶ ᠪᠠᠢ᠌ᠭᠰᠠᠭᠠᠷ᠃ ᠪᠢ ᠶᠠᠷᠤ ᠡᠴᠡ ᠪᠠᠨ ᠥᠵᠡᠭᠡᠳᠦᠢ ᠰᠤᠨᠢᠨ ᠡᠳ᠋ ᠤᠨ ᠣᠢ᠌ᠯᠠᠳᠤᠯ ᠭᠡᠷᠡᠭ᠍ᠴᠡᠭᠡ ᠶᠢ ᠨᠢ ᠮᠡᠳᠡᠭᠦ ᠪᠠᠢ᠌ᠳᠤᠭᠠᠢ ᠨᠠᠷᠠᠯᠠᠵᠤ ᠴᠤ ᠴᠢᠳᠠᠬᠤ ᠦᠭᠡᠶ ᠪᠠᠢ᠌ᠭᠰᠠᠨ᠃ ᠭᠡᠳᠡᠯ᠎ᠡ ᠳᠦᠷᠦᠰᠦᠭ᠌ ᠵᠠᠩ ᠮᠢᠨᠢ ᠨᠠᠮᠢ᠋ᠢ ᠳᠠᠭ ᠪᠠᠢ᠌ᠯᠭᠠᠭᠰᠠᠨ ᠦᠭᠡᠶ᠃

《ᠪᠠᠭ᠎ᠠ ᠳᠤᠮᠪᠣ᠂ ᠡᠯᠢᠭᠡ ᠲᠡᠶ ᠳᠤᠮᠪᠣ ᠁ ᠭᠡᠭᠦ ᠮᠠᠳᠤ ᠶᠢᠨ ᠭᠡᠳᠤᠨ ᠵᠣᠢ᠌ᠯ ᠤᠨ ᠳᠤᠮᠪᠣ ᠪᠠᠢ᠌ᠳᠠᠭ᠃ ᠡᠯᠢᠭᠡ ᠲᠡᠶ ᠳᠤᠮᠪᠣ ᠶᠢᠨ ᠨᠢᠭᠡ ᠪᠠᠶ᠎ᠠ ᠨᠢ ᠬᠠᠪᠳᠠᠭᠠᠢ ᠣᠴᠢᠷ ᠡᠴᠡ ᠣᠰᠤ ᠡᠭᠦᠷᠭᠦ ᠪᠣᠶᠤ ᠮᠠᠯ ᠣᠨᠤᠭ᠎ᠠ ᠪᠠᠷ ᠠᠴᠢᠬᠤ ᠳᠤ ᠡᠪᠳᠡᠢ᠃ ᠪᠠᠭ᠎ᠠ ᠳᠤᠮᠪᠣ ᠳᠤ ᠴᠠᠢ᠂ ᠰᠠᠭᠠᠯᠢ ᠶᠢᠨ ᠠᠷᠢᠭᠢ ᠰᠠᠪᠠᠯᠠᠨ᠎ᠠ᠃ ᠳᠤᠮᠪᠣ ᠶᠢᠨ ᠪᠦᠳᠦᠴᠡ ᠶᠢ ᠬᠠᠷᠭᠠᠢ ᠪᠠᠷ ᠵᠠᠰᠠᠵᠤ᠂ ᠪᠣᠭᠤ ᠶᠢᠨ ᠡᠪᠠᠷ ᠤᠨ ᠵᠤᠰᠤ ᠪᠠᠷ ᠨᠠᠭᠠᠭᠠᠤᠨ᠂ ᠭᠦᠭᠡ ᠪᠣᠷᠠᠭ᠎ᠠ ᠪᠠᠷ ᠪᠦᠰᠡᠯᠡᠵᠤ ᠬᠠᠳᠠᠭᠠᠳᠠᠭ᠃ ᠡᠨᠡ ᠪᠣᠯ ᠦᠨᠳᠦᠰᠦᠨ ᠠᠷᠭ᠎ᠠ᠃ ᠡᠭᠦᠨ ᠡᠴᠡ ᠴᠤ ᠨᠠᠷᠢᠯᠢᠭ ᠪᠦᠭᠡᠳ ᠭᠡᠭᠡᠮᠰᠦᠭ᠌ ᠶᠢᠡᠷ ᠨᠠᠢ᠌ᠷᠠᠭᠤᠯᠤᠨ ᠣᠷᠠᠯᠠᠵᠤ ᠪᠣᠯᠳᠠᠭ ᠁》 ᠭᠡᠵᠤ ᠨᠤᠳᠤᠭ ᠤᠨ ᠨᠢᠭᠡ ᠨᠠᠰᠤᠳᠠᠨ ᠳᠡᠦᠭᠡᠯᠡᠵᠤ ᠪᠢᠯᠠ᠃

ᠬᠤᠯᠤᠠᠴᠠ ᠡᠯᠦᠡᠴᠡ ᠶᠢᠨ ᠳᠡᠦᠭᠡ

ᠬᠤᠯᠠ ᠳᠡᠷᠳᠡᠭᠡ ᠶᠢᠨ ᠠᠮᠢᠳᠤᠷᠠᠯ ᠢ ᠰᠠᠪᠠᠯᠠᠵᠤ᠂

ᠬᠣᠢ᠌ᠴᠢ ᠦᠷᠠᠰ ᠳᠤᠨᠢ ᠳᠠᠮᠵᠢᠭᠤᠯᠤᠭᠰᠠᠨ

ᠬᠤᠤᠰ ᠦᠭᠡᠶ ᠰᠠᠢ᠌ᠬᠠᠨ ᠡᠷᠳᠡᠨᠢ ᠳᠤᠮᠪᠣ᠃

ᠪᠢ ᠬᠠᠭᠤᠴᠢᠨ ᠰᠠᠪᠠ ᠭᠡᠷᠡᠭ᠍ᠰᠡᠯ ᠴᠤᠭᠯᠠᠭᠤᠯᠳᠠᠭ ᠪᠣᠶᠤ ᠰᠤᠶᠤᠯ ᠳᠡᠦᠭᠡᠨ ᠦᠯᠡᠳᠡᠭ᠍ᠳᠡᠯ ᠵᠣᠢ᠌ᠯᠠᠰ ᠢ ᠰᠤᠳᠤᠯᠵᠤ ᠪᠠᠢ᠌ᠭ᠎ᠠ ᠪᠢᠰᠢ᠃ ᠳᠠᠢ᠌ᠮᠤ ᠪᠢᠰᠢ ᠪᠠᠢ᠌ᠳᠠᠯ᠎ᠠ ᠪᠠᠨ ᠰᠠᠨᠠᠭᠠᠨ ᠳᠤ ᠦᠭᠡᠶ ᠡᠨᠡᠭᠦ ᠳᠤᠮᠪᠣ ᠯᠤᠭ᠎ᠠ ᠣᠴᠠᠷᠠᠭᠠᠤᠨ ᠰᠤᠨᠢᠷᠬᠠᠯᠳᠠᠢ ᠪᠣᠯᠤᠯ᠎ᠠ᠃ ᠮᠢᠨᠤ ᠦᠷᠦᠭᠡ ᠳ᠋ᠠᠭᠢ ᠦᠴᠦᠭᠡᠨ ᠳᠤᠮᠪᠣ ᠶᠢ ᠪᠠᠭᠤᠷᠢ ᠶᠢᠨ ᠬᠠᠶᠠᠭᠳᠠᠮᠠᠯ ᠪᠦᠷ ᠭᠡᠷᠡᠭ᠍ᠴᠡᠭᠡᠨ ᠦᠭᠡᠶ ᠪᠣᠯᠤᠭᠰᠠᠨ ᠰᠠᠪᠠ ᠭᠡᠵᠤ ᠦᠵᠡᠯ ᠦᠭᠡᠶ ᠪᠠᠷ ᠮᠤᠩᠭ᠋ᠤᠯ ᠳᠡᠦᠭᠡ ᠶᠢᠨ ᠣᠯᠠ ᠮᠦᠷ᠂ ᠨᠡᠭᠦᠳᠡᠯ ᠮᠠᠯᠵᠢᠯ ᠤᠨ ᠢᠮ ᠳᠠᠮᠠᠭ᠎ᠠ ᠭᠡᠵᠤ ᠮᠠᠭᠳᠠᠨ ᠭᠡᠯᠡᠵᠤ ᠪᠣᠯᠤᠨ᠎ᠠ᠃ 《ᠭᠠᠵᠠᠷ ᠭᠠᠯ ᠴᠤᠭ ᠤᠨ ᠴᠢᠨᠡᠭᠡᠨ᠂ ᠳᠡᠭ᠍ᠷᠢ ᠳᠠᠪᠰᠢ ᠶᠢᠨ ᠴᠢᠨᠡᠭᠡᠨ᠂ ᠭᠠᠳᠠᠭᠠᠳᠤ ᠳᠠᠯᠠᠢ ᠱᠠᠯᠴᠢᠭ ᠳᠠᠳᠤᠢ᠂ ᠭᠠᠯᠪᠢᠷ ᠽᠠᠠᠳᠠᠨ ᠪᠣᠷᠠᠭ᠎ᠠ ᠳᠠᠳᠤᠢ》 ᠪᠠᠢ᠌ᠭᠰᠠᠨ ᠴᠠᠭ ᠡᠴᠡ ᠣᠭᠰᠠᠭ᠎ᠠ ᠮᠤᠩᠭ᠋ᠤᠯ ᠤᠨ ᠳᠡᠭᠡᠳᠦᠰ ᠠᠭᠤᠷ ᠲᠡᠶ ᠣᠯᠠᠭᠠᠨ ᠴᠠᠢ ᠪᠠᠨ ᠶᠡᠭᠦᠭ᠍ᠰᠡᠨ ᠣᠭᠤᠷ ᠮᠤᠳᠤᠨ ᠳᠤᠮᠪᠣ - ᠮᠢᠩᠭ᠋᠎ᠠ ᠮᠢᠩᠭ᠋ᠠᠨ ᠣᠨ ᠢ ᠠᠵᠢᠭ ᠦᠭᠡᠶ ᠳᠠᠪᠠᠨ ᠳᠤᠭᠤᠯᠵᠤ ᠬᠤᠷᠢᠨ ᠨᠢᠭᠡᠳᠦᠭᠡᠷ ᠵᠠᠭᠤᠨ ᠳᠤ ᠭᠦᠷᠴᠤ ᠢᠷᠡᠭ᠍ᠰᠡᠨ ᠭᠡᠮᠡᠨ ᠮᠤᠩᠬᠠᠭᠯᠠᠨ ᠰᠠᠳᠭᠢᠪᠠᠰᠤ ᠠᠷᠠᠢ ᠪᠣᠷᠤᠭᠤ ᠪᠢᠰᠢ ᠪᠣᠯᠬᠤ᠃

ᠭᠡᠶ᠎ᠡ᠂ ᠰᠢᠨ᠎ᠠ ᠡᠷᠡᠨ ᠤ ᠵᠠᠯᠠᠭᠤᠴᠤᠳ ᠪᠢᠳᠠ ᠣᠶᠤᠨ ᠪᠢᠯᠢᠭ᠌ ᠳᠡᠭᠦᠰ ᠡᠪᠦᠭᠡ ᠳᠡᠭᠡᠳᠤ ᠶᠢᠨ ᠶᠢᠡᠨ ᠦᠯᠢᠭᠡᠷ ᠶᠡᠭᠡᠳᠡᠢ ᠦᠪ ᠬᠤᠭᠰᠢᠯ ᠤᠳ ᠢ ᠡᠰᠡ ᠨᠠᠠᠳᠢᠩᠨᠠᠨ ᠵᠠᠷᠢᠮ ᠤᠨ ᠭᠢᠨᠢ ᠨᠠᠷ᠎ᠠ ᠴᠤᠯᠠ ᠶᠢ ᠨᠢ ᠴᠤ ᠮᠡᠳᠡᠭᠦ ᠦᠭᠡᠶ ᠪᠣᠯᠤᠭᠰᠠᠨ ᠮᠠᠨᠢ ᠶᠠᠭᠤᠳᠠᠢ ᠬᠠᠷᠠᠮᠰᠠᠯ ᠪᠣᠢ ︖ ᠳᠡᠭᠡᠳᠦᠰ ᠡᠴᠡ ᠥᠪᠯᠡᠭ᠍ᠰᠡᠨ ᠢᠰᠭᠡᠢ ᠳᠤᠭᠤᠷᠭᠠᠳᠠᠨ ᠤ ᠣᠯᠠᠮᠵᠢᠯᠠᠯᠳᠤ ᠭᠦᠷᠦᠩᠭᠡ ᠭᠡᠪᠠᠯ ᠭᠠᠭᠴᠠᠬᠠᠨ ᠳᠤᠮᠪᠣ ᠪᠠᠷ ᠭᠢᠵᠠᠭᠠᠷᠯᠠᠭᠳᠠᠬᠤ ᠦᠭᠡᠶ᠃ ᠪᠢᠳᠠᠨ ᠨᠢᠭᠡᠨᠲᠡ ᠬᠠᠶᠠᠭᠠᠤᠨ ᠮᠠᠷᠳᠠᠭᠰᠠᠨ ᠪᠠ ᠮᠠᠷᠳᠠᠭᠳᠠᠬᠤ ᠰᠢᠬᠠᠭᠰᠠᠨ ᠣᠷᠠᠯᠢᠭ ᠤᠨ ᠦᠨ᠎ᠡ ᠴᠠᠨ᠎ᠠ ᠲᠡᠶ᠂ ᠠᠷᠪᠢᠨ ᠣᠯᠠᠨ ᠳᠤᠷᠠᠰᠬᠠᠯᠳᠤ ᠵᠣᠢ᠌ᠯ ᠤᠳ ᠪᠠᠢ᠌ᠬᠤ ᠨᠢ ᠯᠠᠪᠳᠠᠢ᠃ ᠣᠳᠤ ᠵᠠᠷᠢᠮ ᠨᠢ ᠬᠡᠳᠦᠢ᠌ᠪᠡᠷ ᠪᠢᠳᠠᠨ ᠤ ᠠᠮᠢᠳᠤᠷᠠᠯ ᠣᠷᠤᠰᠢᠯ ᠲᠡᠶ ᠵᠤᠭᠢᠴᠠᠬᠤ ᠦᠭᠡᠶ ᠴᠤ ᠭᠡᠰᠡᠨ ᠮᠠᠨ ᠤ ᠡᠪᠦᠭᠡ ᠳᠡᠭᠡᠳᠦᠰ ᠭᠦᠮᠤᠨ ᠤ ᠭᠠᠷ ᠬᠠᠯᠢᠶᠠᠯ ᠦᠭᠡᠶ᠂ ᠦᠪᠡᠷ ᠤᠨ ᠣᠶᠤᠨ ᠣᠬᠠᠭ᠎ᠠ᠂ ᠭᠦᠴᠤ ᠭᠦᠳᠡᠯᠮᠦᠷᠢ ᠳᠡᠭᠡᠨ ᠳᠦᠰᠢᠭᠡᠳ ᠠᠮᠢ ᠵᠠᠭᠤᠵᠤ ᠪᠠᠢ᠌ᠭᠰᠠᠨ ᠢ ᠭᠡᠷᠡᠴᠢᠯᠡᠨ᠎ᠡ᠃

ᠭᠠᠯ ᠤᠨ ᠵᠠᠯᠢ ᠳᠤ ᠳᠦᠷᠢᠯᠵᠠᠨ

ᠭᠠᠯᠪᠠ ᠶᠢᠨ ᠦᠷᠤ ᠡᠴᠡ ᠬᠤᠰᠤᠭᠳᠠᠭᠠᠳᠤᠢ᠂

ᠦᠷᠯᠦᠭ᠌ ᠮᠤᠩᠭ᠋ᠤᠯ ᠤᠨ ᠳᠤᠮᠤᠭᠳᠤ ᠵᠥᠭᠡᠷᠢ

ᠦᠪᠡᠷᠮᠢᠴᠠ ᠰᠤᠳᠤᠨ - ᠳᠤᠮᠪᠣ ᠡ ︕


ᠵᠠᠮ ᠤᠨ ᠳᠡᠮᠳᠡᠭᠯᠡᠯ


ᠰᠢᠳᠡᠷᠭᠡᠨ᠂ ᠨᠢᠭᠡ ᠳᠠᠨᠢᠯ ᠲᠡᠶ ᠪᠠᠨ ᠰᠠᠨᠠᠭᠠᠨ ᠳᠤ ᠦᠭᠡᠶ ᠵᠠᠮ ᠳᠠᠭᠠᠷᠠᠵᠤ᠂ ᠠᠶᠠᠠᠴᠢᠳ ᠤᠨ ᠮᠠᠰᠢᠨ ᠳᠡᠷᠭᠡᠨ ᠳᠤ ᠨᠢᠭᠡ ᠰᠠᠭᠤᠳᠠᠯ ᠳᠤ ᠬᠠᠮᠳᠤ ᠰᠠᠭᠤᠯ᠎ᠠ᠃ K ᠬᠤᠳᠠ ᠡᠴᠡ H ᠪᠠᠯᠭᠠᠰᠤᠨ ᠳᠤ ᠭᠦᠷᠭᠦ ᠠᠶᠠᠠᠴᠢᠨ ᠤ ᠳᠡᠷᠭᠡᠨ ᠳᠡᠭ᠍ᠰᠢ ᠰᠠᠢ᠌ᠬᠠᠨ ᠵᠠᠰᠠᠮᠠᠯ ᠵᠠᠮ ᠶᠢᠡᠷ ᠬᠤᠷᠳᠤᠯᠠᠵᠤ᠂ ᠠᠯᠤᠰ ᠤᠨ ᠠᠭᠤᠯᠠ ᠡᠭᠦᠯᠡ ᠮᠠᠨᠠᠨ ᠳᠤ ᠳᠠᠯᠳᠠᠯᠠᠭᠳᠠᠵᠤ᠂ ᠵᠠᠮ ᠤᠨ ᠬᠠᠵᠠᠭᠤᠳᠠᠭᠢ ᠡᠯᠡᠰᠦᠷᠭᠡᠭ᠌ ᠳᠤᠪᠣ ᠳᠤᠯᠤᠭᠠᠢ ᠵᠢᠷᠠᠯᠵᠢᠨ᠂ ᠰᠡᠷᠢᠭᠦᠨ ᠰᠠᠯᠭᠢ ᠴᠤᠩᠬᠤ ᠪᠠᠷ ᠦᠯᠢᠶᠠᠨ᠎ᠠ᠃ ᠮᠦᠷ ᠪᠣᠯᠬᠤ ᠨᠢ ᠬᠤᠶᠠᠭᠤᠯᠠ ᠶᠢᠨ ᠮᠠᠨᠢ ᠵᠤᠭᠤᠭ ᠤᠨ ᠰᠠᠳᠤᠪ ᠬᠠᠷᠭᠤᠵᠤ᠂ ᠨᠤᠳᠤᠭ ᠣᠰᠤ ᠪᠠᠭ᠎ᠠ ᠨᠠᠰᠤ ᠪᠠᠨ ᠳᠤᠷᠠᠰᠤᠨ᠂ ᠡᠳᠦᠭᠡ ᠶᠢᠨ ᠠᠵᠢᠯ ᠠᠮᠢᠳᠤᠷᠠᠯ᠂ ᠬᠣᠢ᠌ᠨ᠎ᠠ ᠨᠢ ᠶᠠᠭᠤ ᠨᠢᠭᠡ ᠶᠢ ᠰᠠᠳᠤᠨ ᠣᠷᠤᠯᠳᠤᠬᠤ ᠪᠠᠷ ᠪᠠᠢ᠌ᠭ᠎ᠠ ᠭᠦᠷᠳᠡᠯ᠎ᠡ ᠪᠠᠨ ᠳᠤᠭᠠᠴᠢᠵᠤ᠂ ᠴᠤᠬᠤᠮ 《ᠳᠠᠨᠢᠯᠳᠤᠬᠤ ᠶᠢᠨ ᠡᠮᠦᠨ᠎ᠡ ᠳᠠᠯ᠎ᠠ ᠶᠢᠨ ᠭᠤᠷᠪᠠᠨ ᠭᠦᠷᠦᠭᠡᠰᠤᠨ᠂ ᠳᠠᠨᠢᠯᠳᠤᠭᠰᠠᠨ ᠤ ᠳᠠᠷᠠᠭ᠎ᠠ ᠳᠠᠩᠨᠠᠢ ᠶᠢᠨ ᠭᠤᠷᠪᠠᠨ ᠰᠤᠳᠠᠰᠤᠨ》 ᠰᠢᠭ ᠪᠣᠯᠪᠠ ᠪᠢᠳᠠ᠃ ᠳᠠᠨᠢᠯ ᠮᠢᠨᠢ ᠴᠤ ᠣᠤᠠᠬ᠎ᠠ ᠵᠤᠬᠢᠶᠠᠯ ᠳᠤ ᠳᠤᠷ᠎ᠠ ᠪᠠᠬ᠎ᠠ ᠲᠡᠶ ᠭᠦᠮᠤᠨ ᠪᠠᠢ᠌ᠭᠰᠠᠨ ᠳᠤᠯᠠ ᠣᠳᠠᠯ ᠦᠭᠡᠶ ᠶᠠᠮᠠᠷ ᠨᠤᠮ ᠣᠩᠰᠢᠵᠤ᠂ ᠶᠠᠮᠠᠷ ᠰᠢᠯᠦᠭ᠌ ᠵᠤᠬᠢᠶᠠᠯ ᠨᠡᠢ᠌ᠳᠡᠯᠡᠭᠦᠯᠵᠤ ᠪᠠᠢ᠌ᠭᠰᠠᠨ ᠶᠢᠡᠨ ᠨᠢᠭᠤᠯ ᠦᠭᠡᠶ ᠭᠡᠯᠡᠵᠤ ᠪᠣᠷᠠᠭᠰᠠᠭᠠᠷ ᠪᠠᠢ᠌ᠳᠠᠯ᠎ᠠ ᠶᠡᠷᠡᠭᠡᠳ ᠺᠢᠯᠤᠮᠸᠲ᠋ᠷ ᠵᠠᠮ ᠢ ᠨᠢᠭᠡ ᠮᠡᠳᠡᠭᠦ ᠳᠤ ᠶ‍ᠢᠰᠦᠭᠡᠨ ᠮᠢᠨᠦ᠋ᠲ ᠳᠤ ᠳᠤᠪᠴᠢᠯᠠᠭᠠᠤᠨ ᠢᠷᠡᠭ᠍ᠰᠡᠨ ᠰᠢᠭ᠌ ᠪᠠᠭᠤᠬᠤ ᠪᠣᠯᠵᠠᠢ᠃

ᠨᠠᠰᠤᠨ ᠬᠤᠷᠠᠭ ᠵᠠᠯᠠᠭᠤᠰ ᠤᠨ ᠶᠠᠷᠢᠯᠴᠠᠭ᠎ᠠ ᠶᠢ ᠨᠠᠷᠠ ᠳᠠᠭᠠᠯᠠᠭᠰᠠᠨ ᠮᠠᠳᠤ ᠪᠠᠷᠠᠭᠤᠨ ᠬᠣᠢ᠌ᠳᠤ ᠵᠥᠭ᠌ ᠲᠤ ᠢᠨᠢᠶᠡᠮᠰᠦᠭᠯᠡᠨ᠎ᠡ᠃ ᠰᠢᠨᠡᠭᠡᠨ ᠭᠡᠷᠯᠡᠭ᠍ᠰᠡᠨ ᠵᠠᠯᠠᠭᠤ ᠮᠠᠨᠢ ᠨᠠᠮᠢ᠋ᠢ 《ᠴᠠᠢ ᠣᠤᠭᠤᠭᠠᠤᠨ ᠶᠠᠪᠣ》 ᠭᠡᠵᠤ ᠭᠡᠷ ᠲᠡᠭᠡᠨ ᠣᠷᠢᠪᠠ᠃ ᠣᠯᠠᠭᠠᠨ ᠴᠠᠢ ᠬᠠᠶᠠᠭᠠᠤᠨ ᠶᠠᠪᠣᠵᠤ ᠪᠣᠯᠬᠤᠰᠢ᠂ ᠣᠴᠢᠷ ᠢ ᠨᠢ ᠮᠠᠳᠠᠯ ᠦᠭᠡᠶ ᠠᠭᠤᠷᠯᠠᠵᠤ ᠪᠣᠯᠬᠤᠰᠢ ᠳᠤᠯᠠ ᠳᠤᠭᠳᠤᠯᠠᠬᠤ ᠰᠡᠳᠭᠢᠯ ᠳᠡᠭᠡᠨ ᠭᠦᠳᠦᠯᠦᠭ᠍ᠳᠡᠵᠤ᠂ ᠭᠦᠵᠦᠯᠡᠭᠦᠷ ᠵᠡᠭᠦᠭ᠍ᠰᠡᠨ ᠡᠴᠡᠨ ᠰᠢᠷ᠎ᠠ ᠪᠠᠷᠢ ᠶᠢᠨ ᠭᠠᠷ ᠡᠴᠡ ᠬᠠᠯᠠᠭᠤᠨ ᠴᠠᠢ ᠳᠤᠰᠴᠤ ᠣᠭᠤᠴᠢᠯᠠᠵᠤ ᠴᠠᠢ ᠶᠢᠨ ᠳᠠᠷᠠᠭ᠎ᠠ ᠬᠤᠶᠠᠭᠤᠯᠠ ᠪᠠᠨ ᠳᠡᠭᠦᠨ ᠤ ᠨᠤᠮ ᠤᠨ ᠦᠷᠦᠭᠡ ᠳᠤ ᠮᠤᠷᠢᠯᠠᠯ᠎ᠠ᠃ ᠳᠡᠭᠦᠨ ᠳᠤ ᠳᠠᠢ᠌ᠮᠤ ᠣᠯᠠᠨ ᠨᠤᠮ ᠪᠢᠴᠢᠭ᠌ ᠪᠠᠢ᠌ᠬᠤ ᠦᠭᠡᠶ ᠴᠤ ᠭᠡᠰᠡᠨ ᠠᠷᠪᠠᠨ ᠭᠡᠳᠤᠨ ᠳᠠᠪᠳᠠᠷ ᠳᠡᠦᠭᠡ᠂ ᠵᠤᠬᠢᠶᠠᠯ᠂ ᠰᠢᠯᠦᠭ᠌ ᠤᠨ ᠨᠤᠮ ᠤᠳ ᠲᠡᠶ ᠰᠠᠠᠵᠢ᠃ ᠪᠢ ᠨᠢᠳᠤ ᠭᠦᠶ‍ᠦᠯᠭᠡᠨ ᠬᠠᠷᠠᠭ᠎ᠠ ᠪᠠᠯᠴᠢᠭᠡᠵᠤ ᠪᠠᠢ᠌ᠳᠠᠯ᠎ᠠ᠂  ᠲ᠋ᠠᠨᠢᠯ ᠮᠢᠨᠢ ᠨᠢᠭᠡ ᠨᠤᠮ ᠢ ᠠᠪᠴᠤ 《ᠡᠨᠡ ᠪᠦᠷ ᠭᠡᠷᠡᠭ᠌ ᠦᠭᠡᠶ ᠨᠤᠮ》 ᠭᠡᠳ ᠪᠢᠴᠢᠭ᠌ ᠤᠨ ᠰᠢᠷᠡᠭᠡ ᠳᠡᠭᠡᠷ᠎ᠡ ᠳᠤᠤᠭᠠᠷᠭᠠᠨ ᠬᠠᠶᠠᠪᠠ᠃ ᠮᠢᠨᠤ ᠠᠩᠬᠠᠷᠤᠯ ᠳᠠᠷᠠ ᠬᠠᠶᠠᠭᠰᠠᠨ ᠨᠤᠮ ᠳᠤ ᠰᠢᠯᠵᠢᠪᠠ᠃ ᠭᠤᠯᠤᠭᠳᠠᠭᠰᠠᠨ ᠨᠤᠮ ᠨᠤᠳᠤᠭ ᠤᠨ ᠨᠢᠭᠡ ᠨᠠᠢ᠌ᠷᠠᠭᠴᠢ ᠶᠢᠨ ᠰᠢᠯᠦᠭ᠌ ᠤᠨ ᠳᠡᠭᠦᠪᠦᠷᠢ ᠪᠠᠢ᠌ᠵᠠᠢ᠃ ᠁ ᠶᠠᠭᠠᠭᠢᠭᠠᠤᠨ ᠭᠡᠷᠡᠭ᠌ ᠦᠭᠡᠶ ᠪᠣᠢ ︖ ᠭᠡᠭᠦᠯ᠎ᠡ ᠁ ᠪᠢᠴᠢᠯᠭᠡ ᠶᠢᠨ ᠠᠷᠭ᠎ᠠ ᠪᠠᠷᠢᠯ ᠨᠢ ᠭᠡᠪᠰᠢᠮᠡᠯ  ᠂ ᠶᠠᠭ ᠯᠠ ᠰᠤᠷᠤᠭᠴᠢᠳ ᠤᠨ ᠪᠦᠳᠦᠭᠡᠯ ᠰᠢᠤᠬᠠᠨ ᠁ ᠭᠡᠮᠡᠨ ᠦᠨᠡᠯᠠᠪᠠ᠃ ᠦᠯᠢᠭᠡᠷ ᠭᠦᠮᠤᠨ ᠭᠦᠮᠤᠨ ᠤ ᠵᠠᠩ ᠳᠠᠳᠬᠠᠯ᠂ ᠭᠦᠰᠡᠯ ᠵᠤᠷᠢᠯᠭ᠎ᠠ᠂ ᠠᠮᠢᠳᠤᠷᠠᠯ ᠤᠨ ᠦᠵᠡᠯᠳᠠ ᠢᠵᠢᠯ ᠪᠢᠰᠢ ᠲᠡᠶ ᠠᠳᠠᠯᠢ ᠪᠠᠷ ᠨᠤᠮ ᠨᠤᠮ ᠤᠨ ᠠᠭᠤᠯᠭ᠎ᠠ᠂ ᠪᠢᠴᠢᠯᠭᠡ᠂ ᠨᠥᠯᠦᠭᠡ ᠳᠤᠰᠬᠠᠯ ᠵᠡᠷᠭᠡ ᠳᠠᠯ᠎ᠠ ᠪᠠᠷ ᠶᠢᠡᠨ ᠢᠯᠭᠠᠭᠳᠠᠬᠤ ᠨᠢ ᠶᠠᠷᠢᠶᠠᠨ ᠦᠭᠡᠶ᠃ ᠶᠠᠮᠠᠷ ᠪᠣᠯᠤᠭᠰᠠᠨ ᠴᠤ ᠵᠤᠬᠢᠶᠠᠭᠴᠢᠳ ᠭᠦᠯᠦᠰᠤ ᠭᠦᠴᠤ ᠪᠠᠨ ᠣᠷᠤᠰᠬᠠᠵᠤ᠂ ᠣᠬᠠᠭᠠᠨ ᠪᠢᠯᠢᠭ᠌ ᠴᠠᠭ ᠶᠢᠡᠨ ᠰᠢᠪᠬᠠᠵᠤ ᠪᠠᠢ᠌ᠭᠠᠤᠨ ᠳᠤᠭᠤᠷᠪᠢᠭᠰᠠᠨ ᠭᠡᠳᠡᠭ᠌ ᠢ ᠨᠠᠳᠠ ᠪᠠᠷ ᠭᠡᠯᠡᠭᠦᠯᠭᠦ ᠦᠭᠡᠶ ᠴᠤᠭᠭᠠᠷ ᠮᠠᠳᠠᠨ᠎ᠠ᠃

ᠦᠪᠡᠷ ᠤᠨ ᠪᠣᠳᠤᠵᠤ ᠰᠠᠨᠠᠭᠰᠠᠨ ᠶᠢᠡᠨ ᠢᠯᠠ ᠭᠡᠯᠡᠭ᠍ᠰᠡᠨ ᠳᠠᠨᠢᠯ ᠳᠤ ᠮᠢᠨᠢ ᠪᠣᠷᠤᠭᠤ ᠦᠭᠡᠶ᠂ ᠭᠡᠳᠡᠯ᠎ᠡ ᠭᠡᠷᠡᠭ᠌ ᠦᠭᠡᠶ ᠶᠠᠭᠤᠮ᠎ᠠ ᠭᠡᠵᠤ ᠬᠤᠷᠸ᠎ᠠ ᠳᠤ ᠪᠠᠢ᠌ᠬᠤ ᠦᠭᠡᠶ᠂ ᠭᠡᠷᠡᠭ᠌ ᠲᠡᠶ ᠴᠠᠭ ᠨᠢ ᠢᠷᠡᠭᠦ ᠪᠠᠷ ᠠᠯᠳᠠ ᠪᠠᠷ ᠰᠤᠯᠢᠬᠤ ᠦᠭᠡᠶ᠂ ᠭᠡᠷᠡᠭ᠌ ᠲᠡᠶ ᠴᠠᠭ ᠲᠤ ᠴᠢᠨᠢ ᠠᠯᠳᠠ ᠪᠣᠯᠵᠤ ᠬᠠᠢ᠌ᠷᠠᠯᠠᠭᠳᠠᠬᠤ᠂ ᠭᠡᠷᠡᠭ᠌ ᠦᠭᠡᠶ ᠡᠨᠡ ᠨᠤᠮ ᠢ ᠪᠣᠤ ᠭᠤᠯᠤ ᠭᠡᠵᠤ ᠰᠠᠨᠠᠭᠤᠯᠤᠭᠰᠠᠨ ᠨᠢᠭᠡ ᠭᠦᠮᠤᠨ ᠤ ᠥᠭᠡ ᠪᠣᠳᠤᠭᠳᠠᠨ᠎ᠠ᠃ ᠬᠡᠳᠦᠢ᠌ᠪᠡᠷ ᠠᠭᠤᠯᠭ᠎ᠠ ᠨᠥᠯᠦᠭᠡ ᠪᠠᠷ ᠶᠡᠷᠦᠮᠳᠡᠭ᠌ ᠭᠡᠯ᠎ᠡ ᠴᠤ ᠳᠤᠰ ᠰᠢᠯᠦᠭ᠌ ᠤᠨ ᠳᠡᠭᠦᠪᠦᠷᠢ ᠮᠤᠩᠭ᠋ᠤᠯ ᠰᠤᠶᠤᠯ ᠤᠨ ᠰᠠᠩ ᠳᠤ ᠨᠡᠮᠡᠷᠢᠯᠡᠭ᠍ᠰᠡᠨ ᠨᠢᠭᠡ ᠳᠤᠰᠤᠯ ᠣᠶᠤᠨ ᠤ ᠭᠦᠯᠦᠰᠤ᠂ ᠳᠠᠪᠠᠭᠤᠯᠵᠤ ᠭᠡᠯᠡᠪᠠᠯ ᠳᠡᠯᠡᠭᠡᠢ ᠶᠢᠨ ᠢᠷᠠᠭᠤ ᠨᠠᠢ᠌ᠷᠠᠭ ᠤᠨ ᠦᠷᠭᠡᠨ ᠳᠠᠠᠵᠢ ᠳᠤ ᠳᠡᠯᠭᠡᠷᠡᠭ᠍ᠰᠡᠨ ᠨᠢᠭᠡ ᠪᠣᠳᠠ ᠦᠪᠡᠷᠮᠢᠴᠠ ᠴᠡᠴᠡᠭ᠌ ᠪᠠᠢ᠌ᠬᠤ ᠶᠤᠰᠤᠳᠠᠢ᠃ ᠪᠢ ᠡᠨᠡᠭᠦ ᠭᠤᠯᠤᠭᠳᠠᠭᠰᠠᠨ ᠰᠢᠯᠦᠭ᠌ ᠤᠨ ᠳᠡᠭᠦᠪᠦᠷᠢ ᠶᠢᠨ ᠳᠤᠰᠬᠠᠢ ᠰᠢᠭᠦᠮᠵᠢ ᠶᠢ ᠰᠡᠳᠭᠦᠯ ᠡᠴᠡ ᠣᠩᠰᠢᠵᠤ ᠪᠢᠯᠠ᠃ ᠡ᠊ᠨᠳᠡ ᠪᠢ ᠳᠠᠨᠢᠯ ᠶᠢᠡᠨ ᠨᠤᠳᠤᠭ ᠤᠨ ᠰᠢᠯᠦᠭ᠍ᠴᠢ ᠶᠢ ᠪᠠᠰᠤᠪᠠ ᠭᠡᠵᠤ ᠳᠤᠷ᠎ᠠ ᠥᠭᠡᠢ᠌ᠴᠡᠵᠤ ᠪᠠᠢ᠌ᠬᠤ ᠦᠭᠡᠶ᠃ ᠶᠠᠮᠠᠷᠴᠤ ᠶᠠᠭᠤᠮᠠᠨ ᠥᠨᠡᠨᠳᠡᠭᠡᠨ ᠰᠠᠢ᠌ᠨ᠃ ᠡ᠊ᠨᠳᠡ ᠪᠢ ᠭᠦᠮᠤᠨ ᠤ ᠣᠶᠤᠨ ᠤ ᠪᠦᠳᠦᠭᠡᠯ ᠢ ᠭᠦᠳᠦᠳᠭᠢᠨ ᠬᠠᠢ᠌ᠷᠠᠯᠠᠶ᠎ᠠ ᠭᠡᠵᠤ ᠣᠷᠢᠶᠠᠯᠠᠬᠤ ᠪᠣᠶᠤ ᠰᠤᠷᠭᠠᠯ ᠠᠢ᠌ᠯᠠᠳᠬᠠᠵᠤ ᠪᠠᠢ᠌ᠬᠤ ᠦᠭᠡᠶ᠃ ᠵᠥᠪᠭᠡᠨ ᠣᠷᠠᠨ ᠪᠦᠳᠦᠭᠡᠯᠴᠢᠳ ᠶᠢᠡᠨ ᠬᠣᠢ᠌ᠰᠢᠳᠠ ᠣᠩᠰᠢᠭᠴᠢᠳ ᠲᠤ ᠭᠤᠯᠤᠭᠳᠠᠬᠤ ᠦᠭᠡᠶ ᠴᠢᠨᠠᠷᠯᠢᠭ ᠪᠦᠳᠦᠭᠡᠯ ᠳᠡᠪᠰᠢᠭᠦᠯᠭᠦ ᠶᠢ ᠭᠦᠰᠡᠵᠤ᠂ 《ᠬᠤᠯᠠ ᠶᠢᠨ ᠭᠢᠳᠠᠨ᠂ ᠤᠢ᠌ᠷ᠎ᠡ ᠶᠢᠨ ᠮᠠᠠᠵᠤ ᠨᠡᠷ ᠲᠤ ᠭᠡᠷᠪᠡ ᠦᠪᠡᠷ ᠤᠨ ᠶᠢᠡᠨ ᠭᠡᠯᠡ ᠪᠠ ᠥᠰᠦᠭ᠌ ᠶᠢᠡᠷ ᠪᠢᠴᠢᠵᠤ ᠭᠡᠪᠯᠡᠭᠦᠯᠦᠭ᠍ᠰᠡᠨ ᠭᠠᠭᠴᠠ ᠰᠢᠯᠦᠭ᠌ ᠤᠨ ᠳᠡᠭᠦᠪᠦᠷᠢ ᠲᠡᠶ ᠪᠠᠢ᠌ᠭᠰᠠᠨ ᠰᠠᠨ ᠪᠣᠯ ᠳᠠᠷᠠ ᠦᠨᠳᠦᠰᠦᠳᠠᠨ ᠯᠠᠪ ᠳᠠᠢ᠌ᠮᠤ ᠬᠤᠷᠳᠤᠨ ᠣᠰᠠᠳᠬᠤ ᠪᠠᠷ ᠦᠭᠡᠶ》 ᠭᠡᠰᠡᠨ ᠨᠢᠭᠡ ᠠᠬᠠᠮᠠᠤᠨ ᠣᠷᠠᠨ ᠪᠦᠳᠦᠭᠡᠯᠴᠢ ᠶᠢᠨ ᠥᠭᠡ ᠪᠠᠷ ᠳᠡᠭᠦᠰᠭᠡᠯ ᠪᠣᠯᠭᠠᠯ᠎ᠠ᠃


ᠴᠢᠰᠤᠨ ᠨᠢᠯᠪᠣᠰᠤ


ᠨᠠᠢ᠌ᠵᠠ ᠨᠡᠷ ᠲᠠᠭᠠᠨ 《ᠮᠢᠩᠭ᠋᠎ᠠ ᠳᠠᠪᠤᠨ ᠵᠠᠭᠤ ᠠᠷᠪᠠᠨ ᠳᠠᠪᠣ ᠶᠠᠷᠠᠨ ᠨᠢ᠋ᠮᠠ ᠳᠤᠯᠤᠭᠠᠨ ᠵᠠᠭᠤᠨ ᠳᠠᠪᠢᠨ ᠳᠦᠷᠪᠠ》 ᠭᠡᠳ ᠬᠠᠷᠢᠯᠴᠠᠭᠤᠷ ᠤᠨ ᠨᠤᠮᠸᠷ ᠶᠢᠡᠨ ᠭᠡᠯᠡᠭᠦᠯ᠎ᠡ ᠵᠠᠷᠢᠮ ᠨᠢ ᠳᠤᠭᠤᠭᠢᠯᠠᠨ ᠢᠨᠢᠶᠠᠯᠳᠤᠵᠤ᠂  ᠵᠠᠷᠢᠮ ᠨᠢ ᠳᠤᠭᠠᠨ ᠤ ᠮᠤᠩᠭ᠋ᠤᠯ ᠨᠡᠷᠡᠢ᠌ᠳᠦᠯᠭᠡ ᠶᠢ ᠮᠠᠷᠳᠠᠭᠰᠠᠨ ᠶᠤᠮ ᠦᠦ ︖ ᠡᠰᠡ ᠮᠠᠳᠠ ︕ ᠰᠠᠠᠳᠤᠷᠴᠤ 《ᠠᠶ‍ᠢ᠂ ᠭᠢᠳᠠᠤᠨ ᠶᠢᠡᠷ ᠭᠡᠯᠡ》 ᠭᠡᠨ᠎ᠡ᠃ ᠮᠤᠩᠭ᠋ᠤᠯ ᠰᠤᠷᠭᠠᠭᠤᠯᠢ ᠳᠤ ᠣᠩᠰᠢᠵᠤ ᠪᠠᠢ᠌ᠭ᠎ᠠ ᠨᠢᠭᠡ ᠰᠠᠳᠤᠨ ᠳᠡᠭᠦᠤ ᠳᠡᠭᠡᠨ ᠬᠤᠯᠪᠣᠭ᠎ᠠ ᠪᠠᠷᠢᠵᠤ 《1365 ᠁》 ᠭᠡᠵᠤ ᠭᠡᠯᠡᠭᠦᠯ᠎ᠡ ᠳᠡᠭᠦᠤ ᠮᠢᠨᠢ 《ᠮᠢᠩᠭ᠋᠎ᠠ ᠭᠤᠷᠪᠠᠨ ᠵᠠᠭᠤᠨ ᠵᠢᠷᠠᠨ ᠳᠠᠪᠣ ᠁》 ᠵᠢ ᠶᠠᠭᠠᠭᠢᠵᠤ ᠪᠢᠴᠢᠨ᠎ᠠ ᠭᠡᠵᠤ ᠭᠡᠳᠡᠷᠭᠡ ᠠᠰᠠᠭᠤᠪᠠ᠃ ᠡᠨᠡ ᠴᠢᠨᠢ ᠶᠠᠭᠤ ᠪᠣᠯᠵᠤ ᠪᠠᠢ᠌ᠨ᠎ᠠ ︖ ᠣᠳᠤ ᠪᠦᠷ ᠮᠤᠩᠭ᠋ᠤᠯ ᠶᠢᠡᠷ ᠣᠩᠰᠢᠭᠰᠠᠨ ᠮᠤᠩᠭ᠋ᠤᠯ ᠰᠤᠷᠤᠭᠴᠢᠳ ᠪᠠᠰᠠ ᠳᠦᠷᠤᠯᠭᠢ ᠭᠡᠯᠡ ᠪᠠᠷ ᠶᠢᠡᠨ ᠳᠤᠭ᠎ᠠ ᠶᠢ ᠳᠡᠮᠳᠡᠭᠯᠡᠵᠤ ᠴᠢᠳᠠᠬᠤ ᠪᠠᠨ ᠣᠭᠤᠷᠤᠯ᠎ᠠ ᠭᠡᠵᠢ ᠦᠦ ︖

ᠭᠠᠷ ᠣᠳᠠᠰᠤ ᠳᠡᠯᠭᠡᠷᠡᠭᠡᠳ ᠳᠠᠮᠠᠢ ᠣᠳᠠᠭᠠᠳᠤᠢ ᠠᠳᠠᠯ᠎ᠠ ᠪᠠᠨ ᠭᠦᠳᠡᠭᠡ ᠳᠤᠰᠬᠤᠨ᠂ ᠮᠠᠯᠵᠢᠬᠤ ᠣᠷᠤᠨ ᠭᠦᠷᠳᠡᠯ᠎ᠡ ᠳᠦᠭᠡᠨ ᠳᠠᠷᠬᠠᠵᠤ ᠭᠠᠷ ᠣᠳᠠᠰᠤ ᠦᠭᠡᠶ ᠭᠦᠮᠤᠨ ᠡᠰᠡᠭᠡᠵᠤ ᠠᠢ᠌ᠯ ᠪᠠᠷᠤᠭ ᠪᠠᠢ᠌ᠬᠤ ᠦᠭᠡᠶ ᠭᠡᠮᠡᠨ ᠭᠡᠯᠡᠵᠤ ᠪᠣᠯᠤᠨ᠎ᠠ᠃ ᠭᠡᠳᠡᠯ᠎ᠡ ᠴᠤᠭᠭᠠᠷ ᠭᠡᠯᠳᠡᠢ 《 ᠶᠤᠤ ᠰᠠᠨ ᠡᠤ ᠁ ᠶᠤᠤ ᠡᠤ ᠪᠠ ᠁》 ᠭᠡᠯᠳᠡᠭᠦ ᠡᠴᠡ ᠪᠢᠰᠢ ᠡᠭᠦᠨ ᠢ ᠡᠭᠡ ᠭᠡᠯᠡ ᠪᠠᠷ ᠶᠢᠡᠨ ᠭᠡᠯᠡᠭᠦ ᠭᠦᠮᠤᠨ ᠴᠥᠭᠡᠨ᠃ ᠶᠤᠰᠤᠳᠠᠢ ᠡᠳᠦᠷ ᠤᠨ ᠣᠳᠤᠨ᠂ ᠡᠪᠦᠯ ᠤᠨ ᠴᠡᠴᠡᠭ᠌ ᠰᠢᠭ᠌ ᠬᠤᠪᠣᠷ᠃

ᠨᠢᠭᠡᠨ ᠡᠴᠡ ᠳᠠᠷᠠᠪᠣᠮ ᠪᠣᠯᠳᠠᠯ᠎ᠠ ᠳᠠᠷᠠᠭᠠᠯᠠᠨ ᠳᠤᠭᠠᠯᠠᠬᠤ ᠳᠤ ᠡᠪᠳᠡᠢ᠂ ᠰᠤᠨᠤᠰᠬᠤ ᠳᠤ ᠢᠷᠠᠭᠤᠬᠠᠨ ᠳᠤᠭᠠᠨ ᠤ ᠮᠤᠩᠭ᠋ᠤᠯ ᠨᠡᠷᠡᠢ᠌ᠳᠦᠯᠭᠡ ᠨᠤᠭᠦᠳ ᠪᠠᠢ᠌ᠳᠠᠭ ᠢ ᠨᠠᠳᠠ ᠪᠠᠷ ᠵᠢᠭᠠᠯᠭᠠᠬᠤ ᠦᠭᠡᠶ ᠭᠡᠨ ᠴᠤ ᠮᠠᠳᠠᠨ᠎ᠠ᠃ ᠶᠤᠤ ᠰᠠᠨ ᠡᠤ ᠁ ᠶᠢ ᠨᠢᠭᠡ ᠳᠠᠪᠣ ᠭᠤᠷᠪᠠ ᠡᠰᠡᠭᠦᠯ᠎ᠡ ᠨᠢᠭᠡ ᠵᠠᠭᠤᠨ ᠭᠤᠴᠢᠨ ᠳᠠᠪᠣ ᠭᠡᠭᠦ ᠳᠤᠭᠠᠨ ᠤ ᠣᠬᠠᠭᠠᠨ ᠤ ᠦᠪ ᠭᠦᠷᠦᠩᠭᠡ ᠮᠠᠨ ᠳᠤ ᠪᠠᠯᠠᠨ ᠪᠠᠢ᠌ᠨ᠎ᠠ᠃ ᠪᠢᠳᠠ ᠪᠣᠰᠤᠳ ᠤᠨ ᠭᠡᠯᠡ ᠶᠢ ᠵᠢᠭᠡᠯᠡᠵᠤ ᠭᠡᠷᠡᠭᠯᠡᠮᠡᠷ ᠦᠭᠡᠶ ᠡᠷᠭᠢᠮ ᠨᠠᠠᠳᠢᠨ ᠦᠪ ᠰᠤᠶᠤᠯ ᠲᠡᠶ ᠪᠠᠢ᠌ᠳᠠᠯ᠎ᠠ ᠪᠠᠨ ᠶᠠᠭᠤᠠ ᠳᠤ ᠵᠠᠪᠠᠯ ᠪᠣᠰᠤᠳ ᠢ ᠠᠯᠪᠠ ᠪᠠᠷ ᠳᠠᠭᠤᠷᠢᠶᠠᠬᠤ ᠪᠣᠢ ᠭᠡᠵᠤ ᠭᠠᠢ᠌ᠬᠠᠮᠠᠷ ︕ ᠭᠠᠢ᠌ᠬᠠᠯ᠎ᠠ ᠭᠡᠵᠤ ᠦᠪᠡᠷ ᠤᠨ ᠭᠡᠯᠡ ᠰᠤᠶᠤᠯ ᠶᠢᠡᠨ ᠡᠷᠭᠢᠮᠯᠡᠨ ᠬᠠᠢ᠌ᠷᠠᠯᠠᠬᠤ ᠦᠵᠡᠯ ᠰᠡᠳᠬᠢᠯᠭᠡ ᠬᠤᠮᠰᠠᠳᠠᠭᠰᠠᠨ ᠮᠤᠩᠭ᠋ᠤᠯᠴᠤᠳ ᠶᠢᠡᠨ ᠪᠣᠳᠤᠬᠤ ᠪᠠᠷ ᠵᠢᠷᠦᠭᠡ ᠰᠢᠮᠰᠢᠷᠠᠵᠤ᠂ ᠴᠢᠰᠤ ᠪᠠᠷ ᠣᠭᠢᠯᠠᠮᠠᠷ ᠁



ᠵᠤᠬᠢᠶᠠᠭᠴᠢ ᠶᠢᠨ ᠬᠠᠶ‍ᠢᠭ᠄ ᠪᠠᠶᠠᠠᠭᠤᠤᠯ ᠵᠸᠤ ᠶᠢᠨ ᠮᠤᠩᠭ᠋ᠤᠯ ᠭᠡᠯᠡ ᠪᠠᠷ ᠺᠢᠨᠤ᠋ ᠳᠸᠯᠸᠢᠰ ᠵᠥᠴᠦᠭᠡ ᠣᠷᠴᠢᠭᠤᠯᠤᠨ ᠦᠢᠯᠡᠳᠬᠦ ᠳᠦᠪ

ᠵᠤᠬᠢᠶᠠᠭᠴᠢ᠄ ᠨᠠ᠊·ᠬᠠᠰᠠᠷᠳᠠᠨᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6163
ᠴᠠᠭ᠄ 2010 ᠤᠨ ᠤ 05 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ