☆ ᠶᠢᠨ ᠯᠦᠩ
ᠨᠠᠢ᠌ᠷᠠᠭ ᠢ ᠮᠢᠨᠢ ᠣᠩᠰᠢᠪᠠᠯ ᠁
ᠨᠠᠢ᠌ᠷᠠᠭ ᠢ ᠮᠢᠨᠢ ᠣᠩᠰᠢᠪᠠᠯ
ᠨᠠᠢ᠌ᠷᠠᠭᠴᠢ ᠶᠢᠨ ᠨᠢᠳᠤ ᠪᠠᠷ ᠯᠠ ᠪᠢᠳᠡᠭᠡᠢ ᠣᠩᠰᠢ
ᠨᠠᠳᠠ ᠳᠤ ᠭᠠᠭᠴᠠᠬᠠᠨ ᠵᠠᠶᠠᠭᠠᠭᠰᠠᠨ
ᠨᠤᠳᠤᠭ ᠤᠨ ᠦᠷᠤᠴᠠ ᠪᠠᠷ ᠪᠠᠭᠳᠠᠭᠠᠵᠤ ᠣᠩᠰᠢ
ᠣᠶᠠᠭᠠᠨ ᠤ ᠵᠥᠭᠡᠯᠡᠨ ᠰᠢᠷᠤᠢ ᠰᠡᠮᠡᠷᠡᠭᠦᠯᠦᠭ᠍ᠰᠡᠨ
ᠣᠨᠠᠭ᠎ᠠ ᠶᠢᠨ ᠦᠣᠷᠰᠠᠯ ᠲᠡᠶ ᠨᠤᠳᠤᠭ ᠡᠴᠡ ᠪᠠᠨ
ᠣᠶᠤᠨ ᠤ ᠴᠠᠴᠠᠨ ᠰᠢᠮ᠎ᠠ ᠣᠯᠤᠭᠰᠠᠨ ᠭᠡᠵᠤ
ᠣᠬᠠᠭᠠᠨ ᠤ ᠡᠷᠭᠢᠮ ᠳᠤ ᠳᠤᠭᠳᠠᠭᠠᠵᠤ ᠣᠩᠰᠢ
ᠳᠤᠯᠤᠭᠠᠤᠨ ᠤᠨ ᠶᠢᠡᠨ ᠨᠠᠮᠬᠠᠨ ᠣᠷᠤᠢ ᠬᠠᠷᠠᠵᠤ
ᠳᠤᠭᠠᠳᠠᠢ᠌ᠬᠠᠨ ᠪᠢᠴᠢᠳᠡᠭ᠌ ᠰᠢᠯᠦᠭ᠌ ᠢ ᠮᠢᠨᠢ ᠣᠩᠰᠢ ︕
ᠨᠠᠢ᠌ᠷᠠᠭ ᠢ ᠮᠢᠨᠢ ᠣᠩᠰᠢᠪᠠᠯ
ᠨᠠᠢ᠌ᠷᠠᠭᠴᠢ ᠶᠢᠨ ᠨᠢᠳᠤ ᠪᠠᠷ ᠯᠠ ᠪᠢᠳᠡᠭᠡᠢ ᠣᠩᠰᠢ
ᠨᠠᠮ᠎ᠠ ᠶᠢ ᠡᠯᠢᠭᠡᠨ ᠳᠡᠭᠡᠨ ᠪᠦᠪᠠᠢ᠌ᠯᠡᠭ᠍ᠰᠡᠨ
ᠡᠵᠢ ᠶᠢᠨ ᠮᠢᠨᠢ ᠡᠯᠢᠭᠡ ᠪᠠᠷ ᠡᠨᠡᠷᠢᠵᠤ ᠣᠩᠰᠢ
ᠳᠠᠠᠳᠠᠷ ᠮᠠᠠᠳᠠᠷ ᠴᠤ ᠭᠦᠯ ᠲᠡᠶ ᠶᠤᠮ ᠬᠣᠢ᠌ᠨ᠎ᠠ
ᠳᠠᠳᠠᠷ ᠮᠠᠳᠠᠷ ᠴᠤ ᠭᠡᠯᠡ ᠲᠡᠶ ᠶᠢ ᠢᠳᠡᠭᠡᠵᠤ
ᠬᠠᠢ᠌ᠷ᠎ᠠ ᠪᠠᠷ ᠭᠡᠵᠤ ᠭᠡᠯᠭᠢᠭ᠍ᠰᠡᠨ ᠤ ᠣᠴᠢᠷ
ᠨᠠᠢ᠌ᠷ ᠶᠢᠡᠷ ᠭᠡᠵᠤ ᠳᠠᠭᠠᠯᠠᠨ ᠣᠩᠰᠢ
ᠠᠭᠤᠤ ᠴᠡᠭᠡᠵᠢᠨ ᠳᠡᠭᠡᠨ ᠦᠷᠤᠪᠴᠢᠯᠠᠨ ᠪᠠᠢ᠌ᠵᠤ
ᠠᠷᠢᠭᠤᠨ ᠵᠦᠩᠨᠠᠯ ᠳᠡᠭᠡᠨ ᠢᠷᠦᠭᠡᠨ ᠣᠩᠰᠢ ︕
ᠨᠠᠢ᠌ᠷᠠᠭ ᠢ ᠮᠢᠨᠢ ᠣᠩᠰᠢᠪᠠᠯ
ᠨᠠᠢ᠌ᠷᠠᠭᠴᠢ ᠶᠢᠨ ᠨᠢᠳᠤ ᠪᠠᠷ ᠯᠠ ᠪᠢᠳᠡᠭᠡᠢ ᠣᠩᠰᠢ
ᠨᠠᠮ᠎ᠠ ᠶᠢ ᠬᠠᠢ᠌ᠷ᠎ᠠ ᠪᠠᠷ ᠶᠢᠡᠨ ᠳᠤᠯᠠᠭᠠᠯᠠᠭᠰᠠᠨ
ᠬᠤᠩᠭ᠋ᠤᠷ ᠤᠨ ᠮᠢᠨᠢ ᠵᠢᠷᠦᠭᠡ ᠪᠠᠷ ᠯᠤᠭᠰᠢᠵᠤ ᠣᠩᠰᠢ
ᠠᠮᠠᠷᠠᠭ ᠵᠠᠶᠠᠭᠠᠨ ᠤ ᠡᠩᠭᠦᠷᠡᠢ᠌ᠯᠡᠯ ᠳ᠋ᠤᠨᠢ
ᠭᠤᠯᠤᠮᠳᠠ ᠶᠢᠨ ᠭᠠᠯ ᠣᠯᠠᠯᠵᠠᠳᠠᠭ ᠶᠤᠮ ᠬᠣᠢ᠌ᠨ᠎ᠠ
ᠠᠰᠢᠳᠠ ᠶᠢᠨ ᠰᠠᠢ᠌ᠬᠠᠨ ᠢᠷᠦᠭᠡᠯ ᠳᠤ ᠴᠢᠨᠢ
ᠨᠠᠢ᠌ᠷᠠᠭ ᠤᠨ ᠪᠢᠯᠢᠭ᠌ ᠣᠠᠳᠤᠷᠠᠳᠠᠭ ᠢ ᠢᠳᠡᠭᠡᠵᠤ
ᠰᠢᠯᠦᠭ᠌ ᠪᠢᠴᠢᠳᠡᠭ᠌ ᠢ ᠮᠢᠨᠢ ᠣᠢ᠌ᠯᠠᠭᠠᠵᠤ ᠣᠩᠰᠢ
ᠱᠦᠷᠭᠡᠢ ᠪᠣᠯᠤᠭᠰᠠᠨ ᠴᠤ ᠠᠮᠳᠠᠷᠬᠠᠵᠤ ᠣᠩᠰᠢ ᠁
ᠵᠤᠬᠢᠶᠠᠭᠴᠢ ᠶᠢᠨ ᠬᠠᠶᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2010 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ