☆ ᠳᠠᠩᠭ᠋ᠤᠳ ᠤᠨ ᠭᠠᠯᠰᠠᠩ
ᠮᠤᠩᠭ᠋ᠤᠯ ᠭᠦᠮᠤᠨ ᠤ ᠵᠢᠷᠦᠭᠡᠨ ᠤ ᠪᠢᠴᠢᠯᠭᠡ
ᠥᠭᠡᠯᠡᠳ ᠤᠨ ᠭᠦᠪᠠᠭᠦᠤᠨ
ᠥᠰᠦᠭᠡᠢ ᠳᠡᠭᠡᠨ ᠨᠤᠮᠤ ᠲᠡᠶ
ᠦᠯᠮᠡᠢ ᠳᠡᠭᠡᠨ ᠰᠤᠮᠤ ᠲᠡᠶ
ᠣᠬᠠᠭᠠᠨ ᠰᠤᠳᠤᠨ ᠪᠠᠭᠠᠳᠤᠷ ᠤᠳ
᠊᠊᠊᠊᠊᠊᠊᠊᠊᠊᠊᠊᠊᠊᠊ ᠪᠢᠯᠢᠭ᠌ ᠳᠠᠩᠬᠠᠢ
ᠳᠠᠩᠭ᠋ᠤᠳ ᠤᠨ ᠭᠠᠯᠰᠠᠩ ᠊᠊᠊᠊᠊᠊᠊᠊᠊᠊᠊᠊᠊᠊᠊
ᠪᠢ ᠳᠠᠪᠤᠨ ᠬᠠᠨ᠎ᠠ ᠲᠡᠶ ᠭᠡᠷ ᠲᠤ ᠲᠦᠷᠦᠵᠠᠢ
ᠪᠢ ᠳᠠᠪᠤᠨ ᠳᠢᠪ ᠲᠡᠶ ᠳᠡᠯᠡᠭᠡᠢ ᠳᠤ ᠲᠦᠷᠦᠵᠠᠢ
ᠪᠢ ᠪᠣᠭᠤᠷᠤᠯ ᠳᠡᠦᠭᠡ ᠲᠡᠶ ᠮᠤᠩᠭ᠋ᠤᠯ ᠳᠤ ᠲᠦᠷᠦᠵᠠᠢ
ᠪᠢ ᠪᠣᠷᠬᠠᠨ ᠮᠡᠡᠳᠦᠯᠡᠭ᠍ᠰᠡᠨ ᠳᠤᠷᠤᠨᠠᠳᠤ ᠳᠤ ᠲᠦᠷᠦᠵᠠᠢ᠃
ᠪᠣᠢ᠌ᠳᠤᠭ ᠤᠨ ᠮᠢᠨᠢ ᠬᠤᠩᠬᠤ ᠨᠠᠮᠢ᠋ᠢ ᠭᠦᠯ ᠳᠤ ᠣᠷᠤᠭᠤᠯᠤᠭᠰᠠᠨ
ᠪᠣᠳᠤᠭᠤᠨ ᠪᠣᠢ᠌ᠯᠠᠭᠠᠨ ᠨᠠᠮᠢ᠋ᠢ ᠭᠡᠯᠡ ᠳᠤ ᠣᠷᠤᠭᠤᠯᠤᠭᠰᠠᠨ
ᠣᠷᠳᠤ ᠶᠢᠨ ᠳᠠᠭᠤᠤ ᠨᠠᠳᠠ ᠣᠬᠠᠭᠠᠨ ᠵᠠᠷᠯᠠᠭᠰᠠᠨ
ᠡᠪᠳᠡᠷᠡᠪᠠᠰᠤ ᠪᠢᠳᠠ ᠊᠊᠊᠊᠊᠊᠊᠊᠊᠊᠊᠊᠊᠊᠊ ᠬᠤᠪᠠᠬᠠᠢ ᠭᠦᠷᠳᠤ
ᠡᠪᠯᠡᠪᠠᠰᠤ ᠪᠢᠳᠠ ᠊᠊᠊᠊᠊᠊᠊᠊᠊᠊᠊᠊᠊᠊᠊ ᠥᠷᠭᠦᠯᠵᠢᠯᠡᠭᠦ ᠶᠢᠨ ᠭᠦᠷᠳᠤ
ᠡᠨᠡ ᠪᠣᠯ ᠪᠢᠳᠠᠨ ᠤ ᠊᠊᠊᠊᠊᠊᠊᠊᠊᠊᠊᠊᠊᠊᠊ ᠵᠢᠷᠦᠭᠡᠨ ᠤ ᠪᠢᠴᠢᠭᠡᠰᠤ
ᠠᠪᠳᠠᠷ᠎ᠠ ᠳᠤᠳᠤᠷ᠎ᠠ ᠪᠠᠨ ᠰᠤᠳᠤᠷ ᠮᠢᠨᠢ ᠪᠠᠭᠳᠠᠳᠠᠭ
ᠠᠳᠠᠨ ᠤ ᠪᠠᠨ ᠨᠢᠷᠤᠭᠤᠨ ᠳᠤ ᠭᠡᠷ ᠮᠢᠨᠢ ᠪᠠᠭᠳᠠᠳᠠᠭ
ᠥᠷᠭᠦᠭᠡᠨ ᠳᠤᠭᠤᠨᠤ ᠪᠠᠷ ᠮᠢᠨᠢ ᠨᠠᠷᠠᠨ ᠪᠠᠭᠳᠠᠳᠠᠭ
ᠥᠩᠭᠦᠯᠴᠡᠭ᠌ ᠳᠤᠳᠤᠷ᠎ᠠ ᠮᠢᠨᠢ ᠳᠡᠯᠡᠭᠡᠢ ᠪᠠᠭᠳᠠᠳᠠᠭ ᠰᠠᠨ
ᠪᠢ ᠳᠡᠯᠡᠭᠡᠢ ᠭᠡᠪ ᠲᠡᠶ ᠭᠡᠷ ᠤᠨ ᠡᠵᠡᠨ
ᠪᠢ ᠳᠡᠭᠡᠭ᠍ᠰᠢ ᠪᠠᠨ ᠵᠠᠶᠠᠭ᠎ᠠ ᠲᠡᠶ ᠪᠣᠶᠠᠨ ᠤ ᠡᠵᠡᠨ
ᠪᠢ ᠳᠡᠭᠡᠳᠦᠰ ᠡᠴᠡ ᠵᠠᠷᠯᠢᠭ ᠲᠡᠶ ᠮᠤᠩᠭ᠋ᠤᠯ ᠤᠨ ᠡᠵᠡᠨ
ᠪᠢ ᠳᠡᠭᠡᠷ᠎ᠡ ᠪᠠᠨ ᠨᠠᠷᠠ ᠲᠡᠶ ᠳᠡᠭ᠍ᠷᠢ ᠶᠢᠨ ᠡᠵᠡᠨ
ᠡᠪᠳᠡᠷᠡᠪᠠᠰᠤ ᠪᠢᠳᠠ ᠊᠊᠊᠊᠊᠊᠊᠊᠊᠊᠊᠊᠊᠊᠊ ᠴᠢᠩ ᠣᠯᠤᠰ ᠤᠨ ᠪᠣᠱᠤᠭ ᠤᠨ ᠮᠤᠩᠭ᠋ᠤᠯ ᠡ︕
ᠡᠪᠯᠡᠪᠠᠰᠤ ᠪᠢᠳᠠ ᠊᠊᠊᠊᠊᠊᠊᠊᠊᠊᠊᠊᠊᠊᠊ ᠴᠢᠩᠭᠢᠰ ᠪᠣᠭᠳᠠ ᠶᠢᠨ ᠭᠦᠷᠤᠨ ᠮᠤᠩᠭ᠋ᠤᠯ ᠡ︕
ᠡᠨᠡ ᠪᠣᠯ ᠪᠢᠳᠠᠨ ᠤ ᠵᠢᠷᠦᠭᠡᠨ ᠤ ᠪᠢᠴᠢᠭᠡᠰᠤ ᠡ︕
(ᠲ᠋ᠠᠩᠭ᠋ᠤᠳ ᠤᠨ ᠭᠠᠯᠰᠠᠩ ᠤᠨ ᠪᠦᠳᠦᠭᠡᠯ ᠡᠴᠡ ᠪᠠᠭᠤᠯᠭᠠᠪᠠ)
ᠵᠤᠬᠢᠶᠠᠭᠴᠢ᠄ ᠳᠠᠩᠭ᠋ᠤᠳ ᠤᠨ ᠭᠠᠯᠰᠠᠩ
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3045
ᠴᠠᠭ᠄ 2009 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ