☆ ᠸᠴᠢᠷ
ᠪᠢ ᠰᠠᠨᠠᠭ᠎ᠠ ᠠᠯᠳᠠᠯ᠎ᠠ
ᠳᠦᠷᠦᠭ᠍ᠰᠡᠨ ᠦᠷ᠎ᠡ ᠴᠢᠮ᠎ᠠ ᠲᠡᠶ ᠪᠠᠨ
ᠳᠦᠷᠤᠯᠭᠢ ᠭᠡᠯᠡ ᠨᠡᠪᠳᠡᠷᠡᠭᠦ ᠦᠭᠡᠶ ᠳ᠋ᠡᠭᠡᠨ
ᠪᠢ ᠰᠠᠨᠠᠭ᠎ᠠ ᠠᠯᠳᠠᠯ᠎ᠠ︕
ᠡᠴᠢᠭᠡ ᠶᠢᠨ ᠦᠨᠡᠳᠤ ᠭᠦᠷᠦᠩᠭᠡ
ᠡᠭᠡ ᠭᠡᠯᠡ ᠪᠠᠨ ᠮᠠᠷᠳᠠᠭᠰᠠᠨ ᠳᠤ ᠴᠢᠨᠢ
ᠪᠢ ᠶᠡᠭᠡᠳᠡ ᠬᠠᠷᠠᠮᠰᠠᠯ᠎ᠠ︕
ᠳᠠᠪᠰᠢᠭᠰᠠᠨ ᠰᠤᠶᠤᠯ ᠡᠴᠡ ᠰᠤᠷᠤᠯᠴᠠᠬᠤ ᠨᠢ
ᠳᠠᠯᠠᠢ ᠪᠠᠶᠠᠨ ᠡᠷᠳᠡᠮ ᠪᠢᠯᠠ
ᠳᠠᠷᠬᠠᠨ ᠭᠡᠯᠡ ᠪᠠᠨ ᠣᠷᠭᠢᠬᠤ ᠨᠢ
ᠳᠠᠩᠴᠢ ᠶᠡᠭᠡ ᠭᠠᠷᠤᠵᠠ ᠪᠢᠯᠠ︕
ᠰᠠᠶ᠎ᠠ ᠵᠢᠸ᠎ᠠ ᠪᠣᠳᠤᠯ ᠳᠤ ᠳᠠᠷᠤᠭᠳᠠᠭᠰᠠᠨ
ᠰᠠᠠᠴᠢᠭ ᠪᠣᠭᠤᠷᠤᠯ ᠠᠪᠣ ᠴᠢᠨᠢ ᠪᠢ
ᠰᠠᠷ᠎ᠠ ᠲᠡᠶ ᠰᠦᠨᠢ ᠶᠢᠨ ᠭᠦᠨ ᠳ᠋ᠤ
ᠰᠠᠨᠠᠭ᠎ᠠ ᠠᠯᠳᠠᠨ ᠰᠢᠯᠦᠭᠯᠡᠯ᠎ᠡ︕
ᠳᠠᠭᠠᠭᠠᠵᠤ ᠶᠠᠳᠠᠮ᠎ᠠ ᠪᠣᠳᠤᠯ ᠳ᠋ᠤ
ᠳᠡᠭ᠍ᠷᠢ ᠠᠭᠤᠯᠠ ᠬᠤᠳᠤᠯᠵᠠᠨᠠ︕
ᠳᠡᠷᠳᠡᠭᠡ ᠳᠠᠯ᠎ᠠ ᠶᠢᠨ ᠮᠤᠨᠢ ᠠᠭᠤᠯᠠ
ᠳᠡᠭᠦᠨ ᠡᠴᠡ ᠢᠯᠡᠭᠦᠤ ᠨᠠᠪᠳᠠᠯᠵᠠᠨᠠ︕
ᠡᠭᠡ ᠭᠡᠯᠡ ᠮᠢᠨᠢ ᠡᠭᠦᠷᠢᠳᠡ
ᠡᠪᠦᠭᠡ ᠡᠯᠦᠡᠴᠡ ᠶᠢᠨ ᠦᠮᠴᠢ ᠪᠢᠯᠠ︕
ᠦᠮᠴᠢᠯᠠᠵᠤ ᠳᠡᠭᠦᠨ ᠢ ᠵᠠᠯᠭᠠᠮᠵᠢᠯᠠᠬᠤ ᠨᠢ
ᠦᠷ᠎ᠡ ᠬᠣᠢ᠌ᠴᠢᠰ ᠤᠨ ᠡᠭᠦᠷᠭᠡ ᠪᠢᠯᠠ︕
ᠳᠡᠦᠭᠡᠳᠤ ᠡᠭᠦᠷᠭᠡ ᠶᠢᠨ ᠭᠦᠡᠳᠤ ᠵᠢ
ᠭᠡᠮᠵᠢᠵᠤ ᠦᠵᠡᠪᠠᠤ︖ ᠲ᠋ᠠ ᠨᠡᠷ ᠮᠢᠨᠢ︕
ᠠᠽᠢᠶ᠎ᠠ ᠧᠦᠷᠦᠫᠡ ᠶᠢ ᠳᠤᠷᠭᠢᠭᠤᠯᠤᠭᠰᠠᠨ
ᠮᠤᠩᠭ᠋ᠤᠯ ᠨᠠᠷᠠ ᠣᠷᠤᠰᠢᠭᠰᠠᠨ ᠴᠠᠭ ᠳᠤ
ᠠᠯᠳᠠᠨ ᠳᠡᠯᠡᠭᠡᠢ ᠳᠤ ᠳᠠᠨᠢᠭᠳᠠᠬᠤ
ᠮᠤᠩᠭ᠋ᠤᠯ ᠪᠢᠴᠢᠭ᠌ ᠪᠠᠢ᠌ᠬᠤ ᠨᠢ ᠵᠣᠢ᠌ᠳᠠᠢ︕
ᠬᠠᠮᠤᠭ ᠰᠡᠭᠦᠯᠴᠢ ᠶᠢᠨ ᠭᠢᠴᠢᠶᠠᠯ ᠢ
ᠬᠠᠷᠠᠬᠠᠨ ᠡᠷᠳᠡ ᠭᠢᠴᠢᠶᠠᠯᠯᠠᠪᠠᠯ
ᠬᠠᠢ᠌ᠷᠠᠳᠤ ᠠᠪᠣ ᠶᠢᠨ ᠴᠢᠨᠢ ᠭᠡᠯᠡ
ᠬᠠᠷᠢ ᠳᠤ ᠡᠵᠡᠮᠰᠢᠭ᠍ᠳᠡᠭᠦ ᠨᠢ ᠲ᠋ᠠᠷᠠ ᠡ︕
ᠣᠬᠠᠭᠠᠨ ᠰᠡᠷᠭᠡᠭ᠌ ᠬᠣᠢ᠌ᠴᠢᠰ ᠮᠢᠨᠢ
ᠣᠬᠠᠴᠢᠯᠠᠵᠤ ᠨᠠᠷᠢᠨ ᠳᠤᠩᠭ᠋ᠠᠪᠠᠤ︖
ᠣᠷᠴᠢᠨ ᠠᠬᠤᠢ ᠡᠢ᠌ᠮᠤ ᠯᠠ ᠪᠣᠯ
ᠣᠰᠤᠯ ᠢ ᠭᠡᠨ ᠡᠴᠡ ᠡᠷᠢᠯᠳᠡᠢ ᠪᠢᠯᠠ︖ ︕
ᠵᠤᠬᠢᠶᠠᠭᠴᠢ ᠶᠢᠨ ᠬᠠᠶᠢᠭ᠄ ᠰᠢᠠᠵᠢᠶᠠᠩ ᠤᠨ ᠪᠣᠷᠤᠳᠠᠯ᠎ᠠ ᠬᠤᠳᠠ ᠵᠢᠨ ᠭᠤᠷᠪᠠᠳᠤᠭᠠᠷ ᠲ᠋ᠤᠮᠳᠠᠳᠤ ᠰᠤᠷᠭᠠᠭᠤᠯᠢ
ᠵᠤᠬᠢᠶᠠᠭᠴᠢ᠄ ᠸᠴᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 10 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ