☆ ᠳ᠋·ᠪᠠᠶᠠᠠᠪᠠᠳᠠᠷᠠᠬᠤ
ᠶᠦᠩᠷᠤᠮ᠎ᠠ
ᠠᠶᠠᠯᠤᠨ ᠳᠠᠭᠤᠯᠠᠬᠤ ᠳᠠᠭᠤᠤ ᠪᠠᠷ ᠴᠢᠨᠢ
ᠶᠦᠩᠷᠦᠮ᠎ᠠ ᠭᠡᠵᠤ ᠳᠠᠭᠤᠳᠠᠶ᠎ᠠ
ᠠᠷᠢᠭᠢᠨ ᠬᠠᠯᠠᠭᠤᠨ ᠶᠢᠡᠷ ᠵᠢᠷᠦᠭᠡᠯᠡᠵᠤ ᠥᠨᠦᠰᠦᠭ᠍ᠰᠡᠨ ᠵᠢᠠᠨ
ᠬᠠᠢ᠌ᠷ᠎ᠠ ᠶᠤᠮ ᠭᠡᠵᠤ ᠭᠡᠯᠡᠶ᠎ᠡ
ᠡᠪᠦᠯ ᠤᠨ ᠰᠦᠨᠢ ᠶᠢᠨ ᠵᠢᠪᠠᠷ ᠶᠢᠡᠷ ᠵᠢᠩᠳᠡᠭᠦᠯᠤᠨ
ᠴᠢᠮ᠎ᠠ ᠳᠠᠭᠠᠨ ᠥᠨᠡᠷᠡᠭᠡᠵᠤ ᠭᠦᠷᠦᠶ᠎ᠡ
ᠡᠮᠵᠡᠭ᠍ᠰᠡᠨ ᠵᠢᠷᠦᠭᠡᠨ ᠤ ᠳᠤᠯᠳᠤᠨ ᠳᠤ ᠪᠦᠯᠢᠶᠡᠰᠤᠨ
ᠬᠤᠶᠠᠭᠤᠯᠠ ᠪᠠᠨ ᠡᠷᠭᠡᠯᠡᠵᠤ ᠵᠢᠷᠭᠠᠶ᠎ᠠ
ᠢᠵᠢᠯᠢ ᠶᠢᠨ ᠵᠠᠶᠠᠭ᠎ᠠ ᠳᠤᠳᠠᠭᠤ ᠭᠡᠳ ᠶᠠᠭᠠᠭᠢᠨ᠎ᠠ
ᠨᠢᠭᠤᠭᠠᠤᠨ ᠭᠡᠰᠡᠨ ᠴᠤ ᠬᠠᠨᠢᠯᠠᠶ᠎ᠠ ᠶᠦᠩᠷᠦᠮ᠎ᠠ
ᠢᠨᠠᠭ ᠬᠠᠢ᠌ᠷ᠎ᠠ ᠶᠢᠨ ᠮᠢᠨᠢ ᠠᠯᠳᠠᠨ ᠰᠤᠠᠳᠤᠷ ᠪᠣᠯᠤᠭᠰᠠᠨ
ᠠᠮᠠᠷᠠᠭ ᠰᠡᠳᠭᠢᠯ ᠢ ᠴᠢᠨᠢ ᠬᠠᠢ᠌ᠷᠠᠯᠠᠶ᠎ᠠ ᠶᠦᠩᠷᠦᠮ᠎ᠠ
ᠣᠯᠳᠠᠬᠤ ᠨᠠᠰᠤ ᠮᠢᠨᠢ ᠵᠢᠭᠠᠬᠠᠨ ᠭᠡᠳ ᠶᠠᠭᠠᠭᠢᠨ᠎ᠠ
ᠣᠴᠠᠷᠠᠭᠰᠠᠨ ᠢᠷᠦᠭᠡᠯ ᠳᠡᠭᠡᠨ ᠪᠠᠶᠠᠷᠯᠠᠶ᠎ᠠ ᠶᠦᠩᠷᠦᠮ᠎ᠠ
ᠣᠮᠤᠭ ᠵᠤᠷᠢᠭ ᠤᠨ ᠮᠢᠨᠢ ᠭᠡᠭᠡᠨ ᠬᠠᠷᠭᠤᠢ ᠪᠣᠯᠤᠭᠰᠠᠨ
ᠠᠶᠠᠯᠠᠭᠤ ᠳᠠᠭᠤᠨ ᠳᠤ ᠴᠢᠨᠢ ᠰᠤᠭᠳᠤᠶᠠ ᠶᠦᠩᠷᠦᠮ᠎ᠠ
ᠣᠨᠠᠨ ᠪᠣᠰᠬᠤ ᠠᠮᠢᠳᠤᠷᠠᠯ ᠤᠨ ᠵᠥᠷᠢᠭ᠌ ᠳᠡᠭᠡᠷ᠎ᠡ
ᠣᠴᠠᠷᠠᠵᠤ᠂ ᠬᠠᠢ᠌ᠷᠠᠯᠠᠯᠴᠠᠵᠤ᠂ ᠬᠠᠨᠢᠯᠠᠭᠰᠠᠨ ᠶᠢᠡᠨ ᠮᠠᠷᠳᠠᠬᠤ ᠥᠭᠡᠢ
ᠣᠰᠤᠨ ᠤ ᠰᠢᠪᠠᠭᠤᠳ ᠤᠨ ᠨᠡᠭᠦᠳᠡᠯ ᠳᠠᠭᠠᠵᠤ
ᠣᠨ ᠵᠢᠯ ᠡᠯᠡᠭ᠍ᠳᠡᠭ᠍ᠰᠡᠨ ᠴᠤ ᠰᠡᠳᠭᠢᠯ ᠬᠤᠪᠢᠷᠠᠬᠤ ᠥᠭᠡᠢ
ᠦᠪᠡᠷ ᠶᠢᠡᠨ ᠰᠠᠶ᠎ᠠ ᠪᠣᠮᠠᠨ ᠭᠦᠷᠦᠩᠭᠡ ᠦᠭᠡᠶ ᠴᠤ
ᠦᠨᠡᠨ ᠬᠠᠢ᠌ᠷ᠎ᠠ ᠶᠢᠨ ᠪᠠᠳᠠᠭ ᠰᠢᠯᠦᠭ᠌ ᠶᠢᠡᠷ ᠪᠠᠶᠠᠨ ᠶᠠᠪᠣᠭᠰᠠᠨ
ᠦᠯᠡᠮᠵᠢ ᠶᠢᠨ ᠬᠤᠷᠸ᠎ᠠ ᠨᠠᠮ᠎ᠠ ᠶᠠᠭᠤ ᠪᠠᠷ ᠳᠤᠳᠠᠭᠤᠯᠤᠭᠰᠠᠨ ᠴᠤ
ᠦᠶ᠎ᠡ ᠶᠢᠨ ᠵᠢᠭᠠᠬᠠᠨ ᠶᠦᠩᠷᠦᠮ᠎ᠠ ᠶᠢ ᠮᠢᠨᠢ ᠥᠯᠡᠳᠡᠭᠡ
ᠦᠰᠦᠨ ᠤ ᠬᠠᠷ᠎ᠠ ᠳᠤ ᠬᠠᠢ᠌ᠷᠠᠯᠠᠭᠰᠠᠨ ᠪᠣᠯᠬᠤᠷ
ᠥᠭᠦᠭᠦ ᠶᠢᠨ ᠥᠵᠦᠭᠦᠷ ᠲᠤ ᠭᠡᠰᠡᠨ ᠰᠠᠨᠠᠵᠤ ᠶᠠᠪᠣᠶ᠎ᠠ
ᠥᠯᠢᠭᠡᠷ ᠤᠨ ᠳᠡᠭᠦᠰᠭᠡᠯ ᠳᠤ ᠪᠠᠢ᠌ᠳᠠᠭ ᠵᠢᠷᠭᠠᠯᠳᠤ ᠮᠦᠴᠡ
ᠦᠨᠡᠨ ᠪᠣᠯᠵᠤ ᠢᠷᠡᠭᠦ ᠪᠣᠯᠳᠠᠯ᠎ᠠ ᠪᠣᠳᠤᠵᠤ ᠭᠦᠯᠢᠶᠡᠶ᠎ᠡ
ᠠᠶᠠᠯᠤᠨ ᠳᠠᠭᠤᠯᠠᠬᠤ ᠳᠠᠭᠤᠤ ᠪᠠᠷ ᠴᠢᠨᠢ
ᠶᠦᠩᠷᠦᠮ᠎ᠠ ᠭᠡᠵᠤ ᠳᠠᠭᠤᠳᠠᠶ᠎ᠠ ᠴᠢᠮᠢ᠋ᠢ ᠪᠠᠨ
ᠠᠷᠢᠭᠢᠨ ᠬᠠᠯᠠᠭᠤᠨ ᠶᠢᠡᠷ ᠵᠢᠷᠦᠭᠡᠯᠡᠵᠤ ᠥᠨᠦᠰᠦᠭ᠍ᠰᠡᠨ ᠵᠢᠠᠨ
ᠬᠠᠢ᠌ᠷ᠎ᠠ ᠶᠤᠮ ᠭᠡᠵᠤ ᠭᠡᠯᠡᠶ᠎ᠡ ᠶᠦᠩᠷᠦᠮ᠎ᠠ ᠮᠢᠨᠢ ᠡ
ᠵᠤᠭᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠳ᠋·ᠪᠠᠶᠠᠠᠪᠠᠳᠠᠷᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 9938
ᠴᠠᠭ᠄ 2010 ᠤᠨ ᠤ 01 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ