☆ ᠪᠦᠭᠡᠴᠢᠯᠡᠭᠤ
ᠮᠤᠩᠭ᠋ᠤᠯ ᠪᠦᠰᠡᠭᠦᠢ ᠳᠠᠨ
ᠬᠠᠭᠠᠰ ᠳᠡᠭ᠍ᠷᠢ ᠶᠢᠨ ᠳᠤᠯᠭᠠᠭᠤᠷᠢ
ᠬᠠᠳᠤᠨ ᠵᠠᠶᠠᠭᠠᠨ ᠤ ᠡᠷᠭᠢᠮᠰᠦᠭ᠌
ᠬᠠᠨ ᠭᠦᠪᠠᠭᠦᠨ ᠤ ᠵᠢᠷᠦᠭᠡᠨ ᠳᠤᠷᠠᠯᠠᠯ
ᠬᠠᠯᠠᠭᠤᠨ ᠪᠦᠯᠢ ᠶᠢᠨ ᠣᠶᠠᠬᠠᠨ ᠡᠭᠡᠰᠢᠭ᠌
ᠬᠠᠮᠢᠭ᠎ᠠ ᠴᠤ ᠬᠠᠮᠳᠤ ᠶᠢᠨ ᠵᠢᠷᠭᠠᠯ
ᠬᠠᠠᠳᠢᠪ ᠴᠠᠢ ᠲᠡᠶ ᠰᠦᠨ ᠳᠡᠯᠡᠭᠡᠢ
ᠬᠠᠳᠠᠭᠤ ᠵᠥᠭᠡᠯᠡᠨ ᠢ ᠵᠥᠢᠭ᠍ᠰᠡᠨ ᠣᠬᠠᠭᠠᠨ
ᠬᠠᠰ ᠮᠦᠰᠤᠨ ᠤ ᠣᠶᠠᠨ ᠴᠢᠨᠠᠷ
ᠬᠠᠴᠢᠨ ᠭᠦᠮᠤᠨ ᠤ ᠳᠤᠷ᠎ᠠ ᠶᠢ ᠪᠣᠯᠢᠶᠠᠭᠴᠢ ᠡᠷᠳᠡᠨᠢ
ᠬᠠᠷᠢ ᠦᠪᠡᠷ ᠤᠨ ᠭᠤᠪᠠᠢ ᠮᠤᠳᠧᠯ
ᠬᠠᠪᠢᠷᠭᠠᠨ ᠡᠴᠠ ᠳᠡᠷᠭᠡᠯᠰᠢᠭ᠍ᠰᠡᠨ ᠰᠠᠷᠠᠨ ᠲ᠋ᠠᠭᠢᠨᠢ
ᠬᠠᠢ᠌ᠷᠠᠳᠠᠢ ᠵᠠᠯᠠᠭᠤ ᠨᠠᠰᠤ ᠶᠢ ᠪᠠᠨ
ᠬᠠᠷᠠᠮ ᠦᠭᠡᠶ ᠡᠷᠭᠦᠭ᠍ᠰᠡᠨ ᠭᠦᠢᠰᠦᠳᠡᠨ
ᠬᠠᠨᠢ ᠶᠢᠨ ᠰᠠᠢ᠌ᠬᠠᠨ ᠬᠤᠭᠤᠯᠠᠢ ᠶᠢ ᠪᠠᠨ
ᠬᠠᠵᠠᠭᠤᠳᠠ ᠳᠠᠷᠠᠯᠠᠨ ᠥᠷᠡᠭ᠍ᠰᠡᠨ ᠰᠡᠳᠭᠢᠯ
ᠬᠠᠮᠤᠭ ᠤᠨ ᠢᠳᠡᠭᠡᠯ ᠰᠥᠪᠠᠯᠡᠭ᠍ᠰᠡᠨ ᠬᠠᠢ᠌ᠷ᠎ᠠ ᠨᠢ
ᠬᠠᠪᠣᠷ ᠤᠨ ᠴᠡᠴᠡᠭᠡᠰ ᠤᠨ ᠡᠷᠭᠡᠯᠡᠯ
ᠬᠠᠷᠠᠮᠨᠠᠯ ᠪᠣᠳᠤᠯ ᠤᠨ ᠵᠠᠭᠢᠶᠠᠰᠤ ᠨᠢ
ᠬᠠᠯᠠ ᠲᠡᠶ ᠴᠤ ᠴᠡᠩᠭᠡᠯ ᠤᠨ ᠲᠦᠯᠬᠢᠯᠳᠠ
ᠬᠠᠠᠳᠠᠯ᠎ᠠ ᠳᠠᠭᠤᠯᠠᠬᠤ ᠠᠮᠢᠳᠤᠷᠠᠯ ᠤᠨ
ᠬᠠᠪᠣᠳᠠᠢ ᠣᠷᠠᠯᠠᠭᠰᠠᠨ ᠪᠦᠰᠡᠭᠦᠢ
ᠬᠠᠯᠳᠤᠷᠢᠵᠤ ᠥᠵᠡᠭᠡ ᠦᠭᠡᠶ ᠨᠥᠭᠦᠷ ᠤᠨ ᠵᠢᠠᠨ
ᠬᠠᠵᠠᠢ᠌ᠳᠠᠭ ᠦᠭᠡᠶ ᠳᠢᠳᠢᠮ ᠰᠢᠭ᠌ ᠡᠷᠭᠡᠳᠡᠨ
ᠬᠠᠷᠪᠣᠭ᠎ᠠ ᠣᠨᠤᠭ᠎ᠠ ᠴᠠᠭ ᠲᠤ ᠨᠢ
ᠬᠠᠢ᠌ᠯᠠᠵᠤ ᠴᠠᠢ᠌ᠯᠭᠠᠵᠤ ᠳᠤᠰᠤᠭᠰᠠᠨ ᠠᠶᠠᠯᠭᠤ
ᠬᠠᠩᠪᠤᠨ ᠳᠤᠷᠭ᠎ᠠ ᠡᠰᠭᠡᠭᠦ ᠰᠢᠭ᠌
ᠬᠠᠯᠵᠠ ᠦᠯᠦ ᠪᠣᠳᠤᠭ᠎ᠠ ᠵᠤᠷᠢᠮᠠᠭ ᠤᠳ
ᠬᠠᠳᠠ ᠠᠷᠭᠠᠯ ᠬᠤᠶᠠᠷ ᠢ ᠪᠠᠨ
ᠬᠠᠷᠭᠤᠵᠤ ᠪᠠᠢ᠌ᠬᠤ ᠶᠢ ᠳᠦᠯᠡᠭ᠍ᠰᠡᠨ
ᠬᠠᠷ᠎ᠠ ᠴᠠᠭᠠᠨ ᠰᠦᠯᠳᠡ ᠶᠢ ᠪᠠᠨ
ᠬᠠᠭᠠᠨ ᠦᠷᠡᠰ ᠲᠤ ᠪᠠᠨ ᠠᠳᠬᠤᠭᠤᠯᠤᠭᠰᠠᠨ
ᠬᠠᠷᠠᠨ ᠰᠠᠳᠭᠢᠨ ᠪᠠᠢ᠌ᠬᠤ ᠳ᠋ᠤ
ᠬᠠᠰᠤᠨ ᠨᠠᠮᠠᠨ ᠰᠢᠭ᠍ᠰᠢᠯᠡᠭᠦ ᠠᠷᠤᠭ ᠨᠢ ᠮᠦᠨ
2010.3.8
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠣᠯᠠᠭᠠᠢ ᠬᠠᠮᠢᠶᠠᠷᠤᠯᠳᠠ ᠶᠢᠨ ᠣᠷᠤᠨ ᠤ ᠮᠤᠩᠭ᠋ᠤᠯ ᠰᠤᠷᠭᠠᠭᠤᠯᠢ
ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 03 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ