ᠨᠡᠪᠲᠡᠷᠡᠨ ᠤᠷᠤᠬᠤ
ᠳᠡᠭᠡᠳᠤ ᠮᠤᠩᠭ᠋ᠤᠯ

ᠨᠠᠷᠠ ᠳᠤ ᠬᠠᠮᠤᠭ ᠤᠢ᠌ᠷᠠᠬᠠᠨ ᠠᠮᠢᠰᠬᠤᠬᠤ

ᠮᠤᠩᠭ᠋ᠤᠯ ᠰᠠᠨᠠᠭ᠎ᠠ

ᠨᠠᠢ᠌ᠷᠠᠭ ᠲᠤ ᠬᠠᠮᠤᠭ ᠨᠢᠭᠤᠴᠠᠬᠠᠨ ᠣᠶᠠᠩᠭ᠋ᠠᠷᠠᠬᠤ

ᠳᠤᠳᠤᠷ ᠳᠠᠮᠢᠷ︕


ᠯᠤᠪᠰᠠᠩᠳᠠᠠᠽᠠᠨ ᠤ ᠠᠳᠬᠤᠭᠰᠠᠨ ᠰᠠᠯᠠᠮᠠᠨ ᠡᠴᠡ

ᠡᠮᠳᠡᠷᠡᠵᠤ ᠣᠨᠠᠭᠰᠠᠨ ᠭᠤᠨᠢᠭ

ᠴᠠᠭᠠᠠᠳᠠᠠᠽᠠᠨ ᠤ ᠠᠯᠳᠠᠭᠰᠠᠨ ᠨᠤᠳᠤᠭ ᠡᠴᠡ

ᠡᠭᠢᠯᠡᠵᠤ ᠣᠷᠤᠰᠤᠭᠰᠠᠨ ᠨᠢᠯᠪᠣᠰᠤ︕


ᠭᠦᠭᠡ ᠨᠠᠭᠤᠷ ᠤᠨ ᠭᠦᠪᠠᠭᠡᠨ ᠡᠴᠡ

ᠭᠠᠳᠠᠰᠤ ᠲᠡᠶ ᠪᠠᠨ ᠪᠣᠯᠭᠤᠷᠠᠭᠰᠠᠨ

ᠭᠠᠩ ᠵᠤᠷᠢᠭ

ᠭᠦᠮᠪᠦᠨ ᠭᠡᠢ᠌ᠤᠨ ᠤᠨ ᠠᠯᠳᠠᠨ ᠳᠡᠭᠡᠪᠦᠷ ᠡᠴᠡ

《ᠭᠠᠠᠵᠤᠤᠷ》 ᠲᠡᠶ ᠪᠠᠨ ᠭᠡᠢ᠌ᠰᠦᠭ᠍ᠰᠡᠨ

ᠪᠣᠳᠠᠷᠬᠠᠢ ᠣᠮᠤᠭ︕


ᠳᠡᠯᠡᠭᠡᠢ ᠶᠢᠨ ᠰᠡᠭᠡᠷ ᠳᠡᠭᠡᠷ᠎ᠡ ᠪᠣᠴᠠᠯᠤᠭ᠎ᠠ

ᠠᠮᠢ ᠬᠠᠯᠠᠭᠤᠨ ᠴᠢᠰᠤ

ᠳᠡᠭᠡᠳᠦᠰ ᠤᠨ ᠨᠤᠳᠤᠭ ᠡᠴᠡ ᠥᠯᠡᠳᠡᠭ᠍ᠰᠡᠨ

ᠠᠯᠠᠭᠠᠨ ᠴᠢᠨᠡᠭᠡᠨ ᠪᠠᠯᠴᠢᠭᠡᠷ︕


ᠨᠢᠭᠡᠨ ᠤ ᠪᠠᠨ ᠭᠡᠯᠡ ᠶᠢ ᠣᠢ᠌ᠯᠠᠭᠠᠬᠤ ᠦᠭᠡᠶ ᠪᠦᠯᠳᠡᠯᠵᠡᠭᠦ

ᠠᠳᠠᠯᠢᠠᠬᠠᠨ ᠶᠠᠰᠤᠳᠠᠨ ᠤ ᠭᠠᠴᠢᠭᠳᠠᠯ

ᠨᠠᠢ᠌ᠳᠠ ᠶᠢᠨ ᠰᠤᠶᠤᠯ ᠶᠢᠡᠨ ᠥᠵᠡᠰᠭᠦᠯᠡᠩ ᠳᠤ ᠳᠡᠯᠭᠡᠭᠦ

ᠢᠵᠢᠯᠭᠡᠨ ᠵᠠᠶᠠᠭᠠᠨ ᠤ ᠬᠠᠷᠠᠮᠰᠠᠯ︕


ᠳᠦᠷᠪᠠᠯᠵᠢᠨ ᠰᠤᠶᠤᠯ ᠤᠨ ᠭᠦᠷᠢᠶᠡᠨ ᠳ᠋ᠤ

ᠬᠡᠦᠬᠡᠳ ᠶᠢᠡᠨ ᠬᠤᠷᠢᠭᠰᠠᠨ ᠨᠡᠭᠦᠳᠡᠯᠴᠢᠨ

ᠳᠦᠷᠤᠯᠭᠢ ᠶᠢᠨ ᠰᠤᠳᠤᠨ ᠠᠪᠢᠶᠠᠰ ᠵᠢᠠᠨ

ᠵᠡᠮᠳᠡᠭ᠌ ᠪᠣᠯᠭᠠᠭᠰᠠᠨ ᠳᠡᠨᠦᠭᠦᠯᠴᠢᠨ︕


ᠠᠰᠠᠷ ᠤᠨ ᠴᠤᠩᠬᠤ ᠪᠠᠷ ᠳᠠᠮᠵᠢᠨ ᠰᠤᠨᠤᠰᠳᠠᠬᠤ

《ᠪᠠᠶᠠᠨ ᠰᠦᠩ ᠤᠨ ᠢᠷᠦᠭᠡᠯ》

ᠠᠷᠢᠭᠢᠨ ᠤ ᠰᠢᠯ ᠡᠴᠡ ᠣᠶᠠᠭ᠎ᠠ ᠲᠡᠶ ᠪᠠᠨ ᠰᠡᠮᠡᠷᠡᠭᠦ

ᠪᠠᠳᠠᠷ ᠴᠠᠭᠠᠨ ᠬᠠᠳᠠᠭ︕


ᠮᠦᠩᠭᠦᠨ ᠴᠠᠰᠤᠨ ᠳᠤ ᠳᠠᠷᠤᠭᠳᠠᠭ᠎ᠠ

ᠱᠤᠷᠤᠩ ᠭᠦᠭᠡ ᠠᠭᠤᠯᠠᠰ

ᠮᠥᠩᠭᠡ ᠳᠡᠭ᠍ᠷᠢ ᠳᠤ ᠳᠡᠭᠦᠯᠢᠭᠡ

ᠪᠣᠰᠤᠭ᠎ᠠ ᠮᠤᠩᠭ᠋ᠤᠯ ᠥᠰᠦᠭ᠌


ᠭᠠᠵᠠᠷ ᠤᠨ ᠭᠦᠷᠦᠰᠤᠨ ᠡᠴᠡ ᠨᠢ

ᠳᠤᠰᠤ ᠥᠨᠦᠷᠳᠡᠳᠡᠭ᠌

ᠪᠠᠶᠠᠨ ᠳᠠᠩᠰᠤᠭ ᠴᠠᠢ᠌ᠳᠠᠮ

ᠭᠠᠳᠤᠷ᠎ᠠ ᠶᠢᠨ ᠢᠷᠤᠭᠠᠷ ᠳᠤ

ᠶᠠᠰᠤ ᠲᠡᠶ ᠪᠠᠨ ᠥᠯᠡᠳᠡᠭᠦ

ᠥᠭᠡᠯᠡᠳ ᠢᠷᠭᠡ ᠶᠢᠨ ᠣᠭᠤᠴᠠ

ᠳᠡᠭᠡᠳᠤ ᠮᠤᠩᠭ᠋ᠤᠯ ᠡ

ᠳᠡᠭᠡᠳᠤ ᠮᠤᠩᠭ᠋ᠤᠯ︕


ᠵᠤᠬᠢᠶᠠᠭᠴᠢ ᠶᠢᠨ ᠬᠠ‍‌ᠶᠢᠭ ᠄ ᠠᠷᠪᠠᠨ ᠳᠠᠪᠣᠳᠤᠭᠠᠷ ᠬᠤᠭᠤᠴᠠᠭᠠᠨ ᠤ ᠯᠤ ᠰᠢᠶᠦ᠋ᠨ ᠤ ᠣᠤᠠᠬ᠎ᠠ ᠵᠤᠬᠢᠶᠠᠯ ᠤᠨ ᠠᠩᠭᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2694
ᠴᠠᠭ᠄ 2011 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ