ᠨᠡᠪᠲᠡᠷᠡᠨ ᠤᠷᠤᠬᠤ
ᠤᠬᠠᠭ᠎ᠠ ᠴᠠᠯᠮᠠᠨ᠎ᠠ

ᠠᠭᠤᠷ ᠶᠢᠡᠨ ᠳᠠᠰᠪᠣᠷᠢᠯᠠᠨ ᠡᠪᠯᠢᠭ᠌ ᠪᠠᠢ᠌ᠪᠠᠰᠤ

ᠠᠭᠤᠳᠠᠮ ᠳᠠᠯ᠎ᠠ ᠰᠢᠭ᠌ ᠰᠡᠳᠭᠢᠯ ᠳᠡᠨᠡᠢ᠌ᠨ᠎ᠠ

ᠣᠶᠤᠨ ᠶᠢᠡᠨ ᠳᠤᠩᠭ᠋ᠠᠨ ᠣᠴᠢᠷ ᠢ ᠰᠥᠪᠠᠭ᠍ᠴᠢᠯᠡᠪᠠᠰᠤ

ᠣᠭᠳᠠᠷᠭᠤᠢ ᠶᠢᠨ ᠴᠡᠭᠡᠯ ᠰᠢᠭ᠌ ᠣᠬᠠᠭ᠎ᠠ ᠴᠠᠯᠮᠠᠨ᠎ᠠ

ᠠᠭᠤᠷ ᠭᠡᠵᠤ ᠣᠬᠠᠭᠠᠨ ᠦᠭᠡᠶ ᠪᠣᠳᠤᠯ

ᠣᠴᠢᠷ ᠭᠡᠷᠡᠭ᠌ ᠢ ᠡᠪᠳᠡᠭᠦ ᠳᠠᠢ᠌ᠰᠤᠨ

ᠥᠭᠡᠷ᠎ᠡ ᠪᠣᠰᠤᠳ ᠤᠨ ᠠᠯᠳᠠᠭᠳᠠᠯ ᠵᠢᠠᠷ

ᠦᠪᠡᠷ ᠢ ᠪᠠᠨ ᠵᠤᠪᠠᠭᠠᠬᠤ ᠳᠠᠮᠤᠯᠠᠯ

ᠥᠭᠡᠳᠡ ᠲᠡᠶ ᠰᠠᠢ᠌ᠬᠠᠨ ᠠᠮᠢᠳᠤᠷᠠᠯ ᠳ᠋ᠠᠭᠠᠨ

ᠦᠰᠢᠶᠠᠳᠠᠨ ᠣᠯᠭᠤᠬᠤ ᠮᠠᠭᠤ ᠢᠷᠸ᠎ᠠ

ᠭᠡᠷᠡᠭ᠌ ᠦᠭᠡᠶ ᠶᠠᠭᠤᠮ᠎ᠠ ᠳᠤ ᠪᠠᠴᠢᠮᠳᠠᠭᠠᠤᠨ

ᠭᠡᠷᠡᠭᠦᠯ ᠨᠤᠴᠤᠯᠳᠤᠭᠠᠨ ᠭᠢᠭᠦ ᠶᠢᠨ ᠣᠷᠤᠨ ᠳᠤ

ᠣᠴᠢᠷ ᠶᠠᠪᠣᠳᠠᠯ ᠢ ᠳᠤᠩᠭ᠋ᠠᠨ ᠪᠣᠳᠤᠵᠤ

ᠣᠬᠠᠭᠠᠨ ᠲᠡᠶ ᠭᠡᠷᠡᠭ᠌ ᠦᠢᠯᠡᠳᠬᠦ ᠨᠢ ᠳᠡᠭᠡᠷ᠎ᠡ

ᠪᠣᠳᠤᠯ ᠰᠠᠨᠠᠯ ᠶᠢᠡᠨ ᠪᠣᠰᠤᠳ ᠲᠡᠶ ᠰᠤᠯᠢᠯᠴᠠᠪᠠᠰᠤ

ᠪᠣᠯᠠᠩᠭᠢᠷ ᠲᠡᠶ ᠣᠬᠠᠭᠠᠨ ᠴᠢᠨᠢ ᠳᠤᠩᠭ᠋ᠠᠯᠠᠭᠰᠢᠨ᠎ᠠ

ᠰᠠᠭᠠᠷᠠᠤ ᠳᠠᠯ᠎ᠠ ᠪᠠᠨ ᠣᠬᠠᠮᠰᠠᠷᠠᠨ ᠬᠠᠯᠠᠪᠠᠰᠤ

ᠰᠠᠷᠠᠭᠤᠯ ᠢᠷᠡᠭᠡᠳᠦᠢ ᠶᠢᠨ ᠴᠢᠨᠢ ᠵᠠᠮ ᠨᠡᠭᠡᠭᠡᠭ᠍ᠳᠡᠨ᠎ᠡ

ᠠᠵᠢᠯ ᠪᠦᠭᠦᠨ ᠳᠤ ᠰᠢᠳᠤᠷᠭᠤ ᠬᠠᠠᠳᠤᠪᠠᠯ

ᠠᠮᠵᠢᠯᠳᠠ ᠣᠯᠤᠯᠳᠠ ᠴᠢᠮ᠎ᠠ ᠡᠴᠡ ᠬᠤᠯᠠᠳᠠᠬᠤ ᠥᠭᠡᠢ

ᠬᠠᠰᠢᠷ ᠠᠮᠢᠳᠤᠷᠠᠯ ᠳᠠᠭᠠᠨ ᠬᠠᠳᠠᠭᠤᠵᠢᠯᠳᠠᠢ ᠴᠢᠷᠮᠠᠢ᠌ᠪᠠᠯ

ᠬᠠᠷᠭᠤᠢ ᠣᠢ᠌ᠯᠠᠰ ᠴᠢᠨᠢ ᠪᠦᠳᠦᠭᠡᠯ ᠶᠢᠡᠷ ᠭᠢᠯᠠᠯᠵᠠᠨ᠎ᠠ

ᠮᠠᠭᠤ ᠰᠠᠨᠠᠭ᠎ᠠ ᠲᠡᠶ ᠬᠠᠨᠢᠰᠴᠤ ᠶᠠᠪᠣᠪᠠᠯ

ᠬᠠᠵᠠᠭᠠᠢ ᠭᠢᠰᠭᠢᠵᠤ ᠬᠠᠪᠬᠠᠨ ᠳᠤ ᠣᠷᠤᠨ᠎ᠠ

ᠮᠤᠩᠬᠠᠭ ᠭᠢᠯᠢᠩ ᠮᠠᠭᠤᠬᠠᠢ ᠠᠭᠤᠷ ᠭᠡᠵᠤ

ᠮᠤᠬᠤᠭᠤ ᠭᠢᠳᠤᠭ᠎ᠠ ᠰᠢᠭ᠌ ᠨᠠᠢ᠌ᠷᠠᠮᠳᠠᠯ ᠭᠡᠷᠴᠢᠭᠡᠨ᠎ᠡ

ᠰᠠᠢ᠌ᠨ ᠰᠠᠨᠠᠭ᠎ᠠ ᠡᠶᠡᠯᠳᠡᠭ᠌ ᠵᠠᠩ ᠭᠡᠵᠤ

ᠰᠠᠷᠨᠢᠭᠰᠠᠨ ᠪᠦᠭᠦᠳᠡ ᠶᠢ ᠡᠪᠴᠡᠭᠦᠯᠤᠨ ᠨᠢᠠᠠᠳᠠᠷᠠᠭᠤᠯᠤᠨ᠎ᠠ

ᠮᠠᠭᠤ ᠶᠢ ᠰᠠᠢ᠌ᠨ ᠶᠢᠡᠷ ᠵᠠᠰᠠᠵᠤ ᠪᠣᠯᠳᠠᠭ

ᠮᠤᠩᠬᠠᠭ ᠢ ᠮᠡᠳᠡᠯᠭᠡ ᠪᠠᠷ ᠰᠤᠷᠭᠠᠵᠤ ᠪᠣᠯᠳᠠᠭ

ᠠᠭᠤᠷ ᠪᠠᠨ ᠳᠠᠷᠤᠪᠠᠯ ᠠᠭᠤᠳᠠᠮ ᠳᠠᠯ᠎ᠠ

ᠣᠬᠠᠭ᠎ᠠ ᠪᠠᠨ ᠪᠢᠰᠢᠯᠭᠠᠪᠠᠯ ᠣᠯᠤᠮ ᠦᠭᠡᠶ ᠳᠠᠯᠠᠢ᠃


(ᠰᠢᠠᠵᠢᠶᠠᠩ ᠤᠨ ᠪᠣᠷᠤᠳᠠᠯ᠎ᠠ ᠮᠤᠩᠭ᠋ᠤᠯ ᠥᠪᠠᠷᠳᠡᠭᠡᠨ ᠵᠠᠰᠠᠬᠤ ᠵᠸᠤ ᠶᠢᠨ ᠣᠢ᠌ᠯᠠᠳᠪᠣᠷᠢ ᠬᠤᠳᠠᠯᠳᠤᠭᠠᠨ ᠤ ᠵᠠᠰᠠᠭ ᠵᠠᠭᠢᠷᠭᠠᠨ ᠤ ᠳᠤᠪᠴᠢᠶ᠎ᠠ)

ᠵᠤᠬᠢᠶᠠᠭᠴᠢ᠄ ᠫᠣ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2676
ᠴᠠᠭ᠄ 2009 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ