ᠨᠡᠪᠲᠡᠷᠡᠨ ᠤᠷᠤᠬᠤ
ᠡᠭᠡ ᠣᠷᠤᠨ ᠮᠢᠨᠢ

ᠥᠰᠭᠦ ᠨᠠᠰᠤᠨ ᠤ ᠠᠭᠠᠯᠢ ᠪᠠᠨ ᠭᠡᠵᠤ

ᠣᠰᠤᠨ ᠤ ᠴᠢᠨᠢ ᠳᠤᠩᠭ᠋ᠠᠯᠠᠭ ᠶᠢᠡᠷ ᠣᠬᠠᠭ᠎ᠠ ᠳᠤᠭᠳᠠᠯ᠎ᠠ

ᠥᠵᠡᠭᠦ ᠨᠢᠳᠤᠨ ᠤ ᠴᠡᠴᠡᠭᠡᠢ ᠪᠠᠨ ᠭᠡᠵᠤ

ᠠᠭᠤᠯᠠᠰ ᠤᠨ ᠴᠢᠨᠢ ᠦᠨᠳᠦᠷ ᠶᠢᠡᠷ ᠬᠠᠷᠠᠭ᠎ᠠ ᠣᠷᠤᠯ᠎ᠠ᠂

ᠰᠠᠷᠠᠨ ᠤ ᠴᠢᠨᠢ ᠳᠤᠶᠠᠭ᠎ᠠ ᠶᠢ ᠨᠥᠮᠦᠷᠭᠦ ᠭᠡᠵᠤ

ᠴᠡᠴᠡᠭ᠌ ᠤᠨ ᠴᠢᠨᠢ ᠦᠨᠦᠷ ᠲᠤ ᠰᠤᠭᠳᠤᠭᠤᠷᠠᠯ᠎ᠠ᠂

ᠰᠢᠪᠠᠭᠤᠨ ᠤ ᠴᠢᠨᠢ ᠳᠠᠭᠤᠨ ᠢ ᠭᠦᠯᠭᠦᠭᠦ ᠭᠡᠤᠨ ᠯᠠ

ᠭᠡᠦᠭᠡᠨ ᠤ ᠴᠢᠨᠢ ᠢᠨᠢᠶᠠᠳᠤᠨ ᠳᠤ ᠵᠢᠷᠭᠠᠯ᠎ᠠ᠂

ᠠᠯᠳᠠᠵᠤ ᠪᠣᠯᠳᠠᠭ ᠦᠭᠡᠶ ᠬᠠᠢ᠌ᠷ᠎ᠠ ᠭᠡᠵᠤ

ᠣᠶᠠᠩᠭ᠋᠎ᠠ ᠶᠢᠨ ᠵᠦᠰᠠ ᠴᠢᠨᠢ ᠣᠷᠤᠭᠤᠯ ᠢ ᠦᠨᠦᠰᠤᠯ᠎ᠠ

ᠠᠯᠳᠠ ᠪᠠᠷ ᠰᠤᠯᠢᠳᠠᠭ ᠦᠭᠡᠶ ᠭᠦᠷᠦᠩᠭᠡ ᠨᠠᠮᠠᠵᠤ

ᠥᠤᠷ ᠤᠨ ᠭᠡᠭᠡ ᠴᠢᠨᠢ ᠡᠷᠦᠭᠡ ᠶᠢ ᠰᠡᠭᠦᠯ᠎ᠡ᠂

ᠨᠤᠭᠤ ᠭᠤᠪᠢ ᠶᠢᠨ ᠰᠠᠢ᠌ᠬᠠᠨ ᠶᠢᠡᠨ ᠱᠠᠭᠰᠢᠨ

ᠨᠤᠮ ᠤᠨ ᠶᠢᠡᠨ ᠵᠠᠪᠰᠠᠷ ᠡᠴᠡ ᠨᠠᠮᠤᠷ ᠢ ᠴᠢᠨᠢ ᠳᠡᠭᠦᠯ᠎ᠡ

ᠠᠢ᠌ᠷᠠᠭ ᠣᠷᠭ᠎ᠠ ᠶᠢᠨ ᠪᠠᠶᠠᠰᠤᠯ ᠶᠢᠡᠨ ᠳᠤᠷᠠᠰᠤᠨ

ᠠᠳᠤᠭᠤᠨ ᠤ ᠴᠢᠨᠢ ᠥᠤᠷᠰᠠᠯ ᠲᠡᠶ ᠵᠤᠭᠤᠭ ᠳᠠᠭᠠᠷᠠᠴᠢᠬᠠᠯ᠎ᠠ ᠡ ᠁᠁

ᠵᠤᠬᠢᠶᠠᠭᠴᠢ᠄ ᠴ·ᠮᠦᠩᠭᠦᠨ‍ᠡᠷᠳᠡᠨᠢ
ᠢᠷᠡᠯᠲᠡ᠄ ᠴ·ᠮᠦᠩᠭᠦᠨ‍ᠡᠷᠳᠡᠨᠢ
ᠬᠠᠷᠢᠶ᠎ᠠ᠄ ᠰᠢᠯᠦᠭ
ᠳᠠᠷᠤᠮ᠄ 5764
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ