☆ ᠤᠳᠦᠡᠭᠦ᠋ᠤ
ᠮᠤᠩᠭ᠋ᠤᠯ ᠶᠢᠡᠨ ᠣᠩᠰᠢᠭᠠᠴᠢ
ᠮᠥᠩᠭᠡ ᠳᠡᠭ᠍ᠷᠢ ᠶᠢᠨ ᠭᠡᠵᠢᠭᠡ ᠪᠣᠯᠤᠭᠰᠠᠨ
ᠪᠣᠰᠤᠭ᠎ᠠ ᠰᠤᠶᠤᠯ ᠶᠢᠡᠨ ᠣᠩᠰᠢᠭᠠᠴᠢ
ᠮᠤᠯᠤᠷ ᠡᠷᠳᠡᠨᠢ ᠶᠢᠨ ᠳᠠᠯᠠᠰᠳᠤ ᠪᠣᠯᠤᠭᠰᠠᠨ
ᠪᠣᠭᠤᠷᠤᠯ ᠳᠡᠦᠭᠡ ᠪᠠᠨ ᠣᠩᠰᠢᠭᠠᠴᠢ
ᠠᠽᠢᠶ᠎ᠠ ᠧᠦᠷᠦᠹᠡ ᠶᠢ ᠳᠤᠩᠰᠤᠯᠭᠠᠭᠰᠠᠨ
ᠠᠷᠪᠠᠨ ᠭᠤᠷᠪᠠᠳᠤᠭᠠᠷ ᠵᠠᠭᠤᠨ ᠶᠢᠡᠨ ᠣᠩᠰᠢᠭᠠᠴᠢ
ᠠᠯᠳᠠᠷ ᠴᠤᠤ ᠲᠡᠶ ᠶᠠᠪᠣᠭᠰᠠᠨ
ᠠᠭᠤᠤ ᠳᠡᠭᠡᠳᠦᠰ ᠶᠢᠡᠨ ᠣᠩᠰᠢᠭᠠᠴᠢ
ᠠᠳᠤᠭᠤ ᠮᠠᠯ ᠪᠠᠯᠴᠢᠭ᠍ᠰᠡᠨ
ᠠᠳᠠᠷ ᠳᠠᠯ᠎ᠠ ᠪᠡᠨ ᠣᠩᠰᠢᠭᠠᠴᠢ
ᠠᠢ᠌ᠷᠠᠭ ᠤᠨ ᠦᠨᠦᠷ ᠬᠠᠩᠬᠤᠯᠤᠭᠰᠠᠨ
ᠠᠮᠢᠳᠤᠷᠠᠯ ᠤᠨ ᠭᠦᠨᠦᠭ᠌ ᠶᠢᠡᠨ ᠣᠩᠰᠢᠭᠠᠴᠢ
ᠮᠢᠩᠭ᠋ᠠᠨ ᠴᠠᠭᠠᠨ ᠰᠦᠷᠦᠭ᠌ ᠤᠨ ᠵᠢᠠᠨ
ᠳᠠᠭᠤᠤ ᠱᠤᠤ ᠶᠢ ᠣᠩᠰᠢᠭᠠᠴᠢ
ᠮᠥᠩᠭᠡ ᠳᠡᠭ᠍ᠷᠢ ᠶᠢᠨ ᠳᠤᠤᠷᠠᠭᠢ
ᠮᠤᠷᠢᠳᠠᠢ ᠵᠠᠶᠠᠭ᠎ᠠ ᠪᠠᠨ ᠣᠩᠰᠢᠭᠠᠴᠢ
ᠨᠠᠢ᠌ᠵᠠ ᠮᠢᠨᠢ
ᠮᠤᠩᠭ᠋ᠤᠯ ᠶᠢᠡᠨ ᠣᠩᠰᠢᠭᠠᠴᠢ ᠡ
ᠨᠠᠷᠠᠨ ᠵᠥᠭ᠌ ᠤᠨ ᠮᠤᠩᠭ᠋ᠤᠯ ᠶᠢᠡᠨ
ᠨᠠᠰᠤ ᠪᠠᠷ ᠶᠢᠡᠨ ᠣᠩᠰᠢᠵᠤ ᠶᠠᠪᠣᠭᠠᠷᠠᠢ
ᠣᠷᠴᠢᠯᠠᠩ ᠳᠤ ᠭᠠᠭᠴᠠᠬᠠᠨ ᠮᠤᠩᠭ᠋ᠤᠯ ᠭᠡᠳᠡᠭ᠌
ᠣᠳᠤ ᠰᠢᠭ᠌ ᠭᠦᠮᠦᠰ ᠤᠨ ᠬᠣᠢ᠌ᠴᠢᠰ ᠭᠡᠵᠤ
ᠣᠠᠳᠤᠤ ᠭᠡᠨ ᠴᠤ ᠪᠢᠰᠢ
ᠬᠠᠷᠢᠨ ᠪᠢᠳᠠ ᠯᠠ ᠪᠠᠢ᠌ᠭ᠎ᠠ ᠶᠤᠮ ᠰᠢᠤ
ᠵᠤᠬᠢᠶᠠᠭᠴᠢ ᠶᠢᠨ ᠬᠠᠶᠢᠭ ᠄ ᠬᠦᠬᠡᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠵᠢᠨ 10 ᠣᠨ ᠤ ᠣᠶᠤᠳᠠᠨ
ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2912
ᠴᠠᠭ᠄ 2011 ᠤᠨ ᠤ 10 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ