ᠨᠡᠪᠲᠡᠷᠡᠨ ᠤᠷᠤᠬᠤ
ᠰᠥ᠋ ᠴᠠᠭᠠᠨ ᠢᠳᠡᠭᠡᠯ

     ᠮᠢᠨᠤ ᠬᠠᠮᠳᠤ ᠠᠵᠢᠯᠯᠠᠭᠴᠢ ᠭᠠ᠊ ᠪᠠᠭᠰᠢ ᠶᠢ ᠬᠠᠯᠠᠭᠤᠨ ᠰᠡᠳᠭᠢᠯᠳᠠᠨ ᠭᠡᠵᠤ ᠣᠯᠠᠨ ᠶᠢᠡᠷ ᠶᠢᠡᠨ ᠡᠷᠭᠦᠨ ᠳᠠᠭᠠᠰᠢᠶᠠᠬᠤ ᠨᠢ ᠵᠣᠢ᠌ᠳᠠᠢ᠃ ᠪᠢ ᠦᠷᠯᠦᠭᠡ ᠪᠦᠷᠢ ᠦᠨᠢᠶᠠᠨ ᠰᠥ᠋ ᠣᠤᠭᠤᠬᠤ ᠭᠦᠰᠡᠯ ᠲᠡᠶ ᠪᠠᠢ᠌ᠭ᠎ᠠ ᠪᠠᠨ ᠳᠡᠭᠦᠨ ᠳᠤ ᠶᠠᠷᠢᠬᠤ ᠳᠤ ᠮᠠᠨ ᠤ ᠭᠦᠮᠤᠨ ᠣᠷᠠᠭᠳᠠᠵᠤ ᠡᠯᠡᠭ᠍ᠳᠡᠭ᠍ᠰᠡᠨ ᠣᠳᠠᠰᠤᠨ ᠳᠠᠪᠳᠠᠷ ᠶᠢᠡᠨ ᠣᠷᠪᠠᠭᠤᠯᠤᠭᠰᠠᠭᠠᠷ᠄    《ᠮᠢᠨᠤ ᠨᠢᠭᠡ ᠳᠠᠨᠢᠯ ᠤᠨ ᠭᠢᠨ ᠦᠨᠢᠶ᠎ᠡ ᠳᠡᠵᠢᠭᠡᠳᠡᠭ᠌ ᠰᠢᠤ᠂ ᠳᠡᠭᠦᠨ ᠤ ᠣᠳᠠᠰᠤ ᠶᠢ ᠴᠢᠮ᠎ᠠ ᠳᠤ ᠦᠭ‍ᠭᠦᠶ᠎ᠡ᠂ ᠦᠪᠡᠷ ᠶᠢᠡᠨ ᠬᠠ‍‌ᠶᠢᠭ ᠶᠢᠡᠨ ᠭᠡᠯᠡᠭᠡᠳ ᠬᠠᠷᠢᠯᠴᠠ》 ᠭᠡᠵᠤ ᠵᠢᠵᠢᠭ᠌ ᠴᠠᠭᠠᠰᠤᠨ ᠳᠤ ᠭᠠᠷ ᠣᠳᠠᠰᠤᠨ ᠨᠤᠮᠸᠷ ᠪᠢᠴᠢᠭᠡᠳ ᠦᠭ‍ᠭᠦᠯ᠎ᠡ᠃

     ᠳᠡᠭᠡᠭᠡᠳ ᠳᠠᠷᠠ ᠣᠳᠠᠰᠤᠨ ᠤ ᠴᠠᠭᠠᠨ᠎ᠠ ᠡᠴᠠ ᠦᠷᠯᠦᠭᠡ ᠪᠦᠷᠢ ᠶᠢᠨ ᠵᠢᠷᠭᠤᠭᠠᠨ ᠴᠠᠭ ᠤᠨ ᠦᠶ᠎ᠡ ᠪᠠᠷ ᠨᠢᠭᠡ ᠵᠢᠩ ᠰᠥ᠋ ᠭᠦᠷᠭᠡᠭᠦ ᠪᠠᠷ ᠪᠣᠯᠵᠤᠵᠤ ᠰᠠᠷ᠎ᠠ ᠶᠢᠨ ᠡᠴᠦᠰ ᠲᠤ ᠳᠠᠩᠰᠠ ᠴᠠᠢ᠌ᠷᠠᠭᠤᠯᠬᠤ ᠪᠠᠷ ᠳᠤᠭᠳᠠᠯ᠎ᠠ᠃

     ᠮᠠᠷᠭᠠᠰᠢ ᠦᠷᠯᠦᠭᠡ ᠨᠢ ᠳᠤᠯᠤᠭᠠᠨ ᠴᠠᠭ ᠤᠨ ᠦᠶ᠎ᠡ ᠪᠠᠷ ᠰᠥ᠋ ᠢᠷᠠᠪᠠ ᠦᠦ︖ ᠭᠡᠵᠤ ᠡᠭᠦᠳᠡ ᠶᠢ ᠨᠡᠭᠡᠭᠡᠪᠠᠯ ᠠᠰᠠᠷ ᠤᠨ ᠬᠤᠩᠭᠢᠯ ᠤᠨ ᠭᠡᠷᠡᠮ ᠤᠨ ᠬᠠᠢ᠌ᠷᠴᠠᠭ ᠲᠤ ᠥᠨᠡᠭᠡᠷ ᠨᠢᠭᠡ ᠵᠢᠩ ᠰᠥ᠋ ᠳᠠᠯᠪᠢᠭᠠᠰᠤᠳᠠᠢ ᠪᠠᠢ᠌ᠯ᠎ᠠ᠃ ᠢᠩᠭᠢᠭᠡᠳ ᠯᠠ ᠰᠢᠨ᠎ᠠ ᠨᠢᠭᠡ ᠡᠳᠦᠷ ᠰᠢᠨ᠎ᠠ ᠨᠢᠭᠡ ᠰᠠᠷ᠎ᠠ ᠰᠦ᠋ ᠪᠠᠷ ᠡᠭᠢᠯᠡᠭᠦᠯᠦᠯ᠎ᠡ᠃

     ᠬᠠᠯᠠᠭᠤᠨ ᠰᠡᠳᠭᠢᠯᠳᠤ ᠭᠠ᠊ ᠪᠠᠭᠰᠢ ᠬᠠᠯᠠᠭᠤᠨ ᠰᠥ᠋ ᠣᠤᠭᠤᠯᠭᠠᠭᠰᠠᠨ ᠠᠴᠢ ᠪᠣᠶᠠᠨ ᠳᠤ ᠨᠢ ᠳᠠᠯᠠᠷᠬᠠᠵᠤ ᠭᠡᠯᠡᠭᠦ ᠳᠤ ᠮᠠᠨ ᠤ ᠭᠦᠮᠤᠨ ᠡᠨᠡ ᠶᠠᠭᠤ ᠯᠠ ᠪᠠᠢ᠌ᠬᠤᠪ ᠭᠡᠵᠤ ᠢᠨᠢᠶᠡᠮᠰᠦᠭᠯᠡᠨ ᠭᠢᠳᠡᠭ᠌ ᠶᠢᠡᠨ ᠭᠢᠵᠤ ᠯᠠ ᠪᠠᠢ᠌ᠯ᠎ᠠ᠃

     ᠦᠷᠯᠦᠭᠡᠨ ᠤ ᠨᠢᠭᠡ ᠠᠶᠠᠭ᠎ᠠ ᠰᠥ᠋ ᠣᠤᠭᠤᠬᠤ ᠨᠢ ᠮᠢᠨᠤ ᠪᠦᠭᠦᠢᠯᠡ ᠠᠮᠢᠳᠤᠷᠠᠯ ᠪᠢᠰᠢ᠂ ᠠᠵᠢᠯ ᠤᠨ ᠴᠠᠭ ᠲᠤ ᠪᠠᠨ ᠠᠷᠠᠯ ᠤᠨ ᠱᠠᠷ ᠰᠢᠤᠬᠠᠨ ᠵᠢᠦᠡᠭᠦᠵᠤ ᠴᠢᠯᠦᠭᠡᠨ ᠤ ᠴᠠᠭ ᠲᠤ ᠪᠠᠨ ᠠᠳᠠᠯ ᠠᠵᠠ ᠳᠤ ᠪᠠᠨ ᠮᠤᠩᠭ᠋ᠠᠨᠢᠬᠤ ᠪᠣᠶᠤ ᠠᠬ᠎ᠠ ᠳᠡᠭᠦᠤ ᠨᠡᠷ ᠲᠡᠶ ᠪᠠᠨ ᠠᠷᠢᠭᠢ ᠭᠦᠵᠡᠭᠡᠯᠡᠨ ᠬᠠᠢ᠌ᠷ᠎ᠠ ᠭᠤᠨᠢᠭ ᠭᠤᠤᠯ ᠰᠠᠳᠤᠪ ᠲᠡᠶ ᠨᠠᠳᠠ ᠲᠡᠶ ᠬᠠᠮᠢᠶ᠎ᠠ ᠲᠡᠶ ᠬᠠᠮᠢᠶ᠎ᠠ ᠦᠭᠡᠶ ᠶ‍ᠢᠷᠳᠢᠠᠴᠤ ᠶᠢᠨ ᠲᠦᠮᠡᠨ ᠵᠤᠭᠤᠭ ᠢ ᠳᠡᠯᠭᠡᠵᠤ ᠰᠡᠳᠭᠢᠯ ᠶᠢᠡᠨ ᠵᠤᠭᠠᠯᠠᠵᠤ ᠴᠠᠭ ᠶᠢᠡᠨ ᠬᠤᠰᠤᠬᠤ ᠰᠠᠨ᠃ ᠡᠢ᠌ᠮᠦᠷᠭᠦ ᠠᠮᠢᠳᠤᠷᠠᠯ ᠤᠨ ᠭᠦᠭ᠌ ᠠᠢ᠌ᠵᠠᠮ ᠢ ᠪᠢ ᠭᠠᠭᠴᠠᠭᠠᠷ ᠳᠠᠭᠤᠯᠠᠬᠤ ᠪᠢᠰᠢ ᠬᠠᠷᠢᠨ ᠡᠨᠡ ᠳᠡᠯᠡᠭᠡᠢ ᠶᠢᠨ ᠶᠡᠭᠡᠩᠭᠢ ᠨᠢ ᠪᠦᠷ ᠢᠩᠭᠢᠵᠤ ᠡᠭᠡᠰᠢᠭᠯᠡᠨ ᠭᠡᠩᠰᠢᠵᠤ ᠪᠠᠢ᠌ᠳᠠᠭ ᠪᠠᠢ᠌ᠯᠭᠦᠢ᠃

     ᠦᠷᠯᠦᠭᠡ ᠪᠦᠷᠢ ᠶᠢᠨ ᠳᠤᠯᠤᠭᠠᠨ ᠴᠠᠭ ᠤᠨ ᠦᠶ᠎ᠡ ᠪᠠᠷ ᠡᠭᠦᠳᠡ ᠨᠡᠭᠡᠭᠡᠭ᠍ᠰᠡᠭᠡᠷ ᠨᠢᠭᠡ ᠯᠤᠩᠬᠤ ᠰᠥ᠋ ᠬᠠᠷᠠᠭᠳᠠᠬᠤ ᠨᠢ ᠵᠢᠮ᠎ᠠ ᠶᠤᠰᠤ ᠭᠡᠮᠡᠷᠭᠡᠨ ᠦᠷᠭᠦᠯᠵᠢᠯᠡᠨ᠎ᠡ᠃ ᠭᠡᠷᠪᠡ ᠪᠢ ᠮᠤᠨᠤᠭ ᠭᠦᠮᠤᠨ ᠳᠤ ᠳᠤᠭᠠᠴᠠᠭᠳᠠᠨ᠎ᠠ ᠭᠡᠪᠠᠯ ᠵᠠᠷᠢᠮ ᠭᠦᠮᠤᠨ ᠵᠥᠪᠰᠢᠶᠡᠷᠡᠭᠦ ᠦᠭᠡᠶ ᠮᠠᠭᠠᠤᠨ᠂ ᠨᠠᠩ ᠢᠯᠠᠩᠭ᠋ᠤᠶ᠎ᠠ ᠨᠠᠮᠢ᠋ᠢ ᠳᠤᠭᠤᠵᠤ ᠪᠠᠬᠠᠷᠬᠠᠭᠰᠠᠨ ᠭᠦᠮᠦᠰ (ᠡᠢ᠌ᠮᠤ ᠭᠦᠮᠦᠰ ᠯᠠᠪ ᠪᠣᠢ ᠭᠡᠵᠤ ᠪᠢ ᠦᠪᠡᠷ ᠢ ᠪᠠᠨ ᠢᠳᠡᠭᠡᠳᠡᠭ᠌) ᠯᠠᠪ ᠵᠥᠪᠰᠢᠶᠡᠷᠡᠭᠦ ᠦᠭᠡᠶ ᠨᠢ ᠮᠡᠳᠡᠭᠡᠵᠢ᠃ ᠭᠡᠪᠠᠴᠤ ᠪᠢ ᠥᠨᠡᠭᠡᠷ ᠳᠠᠢ᠌ᠮᠤ ᠭᠦᠮᠤᠨ ᠰᠢᠤ᠃ ᠬᠤᠷᠢ ᠭᠠᠷᠤᠢ ᠦᠷᠯᠦᠭᠡ ᠳᠤᠭᠳᠠᠭᠰᠠᠨ ᠴᠠᠭ ᠲᠤ ᠪᠠᠨ ᠳᠤᠭᠳᠠᠮᠠᠯ ᠣᠷᠤᠨ ᠳᠤ ᠨᠢ ᠨᠢᠭᠡ ᠯᠤᠩᠬᠤ ᠰᠥ᠋ ᠭᠦᠷᠭᠡᠵᠤ ᠦᠭ‍ᠭᠦᠭ᠍ᠰᠡᠨ ᠭᠦᠮᠤᠨ ᠨᠢ ᠴᠤᠬᠤᠮ ᠶᠠᠮᠠᠷ ᠭᠦᠮᠤᠨ ᠭᠡᠳᠡᠭ᠌ ᠢ ᠨᠢᠭᠡ ᠴᠤ ᠮᠡᠳᠡᠭᠦ ᠦᠭᠡᠶ ᠶᠠᠪᠣᠵᠠᠢ᠃ ᠮᠡᠳᠡᠭᠦ ᠰᠠᠨᠠᠭ᠎ᠠ ᠴᠤ ᠣᠷᠤᠵᠤ ᠥᠩᠭᠡᠷᠡᠭ᠍ᠰᠡᠨ ᠦᠭᠡᠶ ᠮᠤᠨᠤᠭ ᠶᠠᠪᠣᠵᠠᠢ᠃

     ᠵᠠ᠂ ᠦᠨᠦ ᠦᠷᠯᠦᠭᠡ ᠶᠠᠭᠠᠭᠢᠭᠰᠠᠨ ᠴᠤ ᠳᠠᠷᠠ ᠭᠦᠮᠤᠨ ᠨᠢ ᠶᠠᠮᠠᠷ ᠭᠦᠮᠤᠨ ᠪᠣᠯᠬᠤ ᠶᠢ ᠳᠤᠳᠤᠯᠤᠨ᠎ᠠ ᠭᠡᠵᠤ ᠰᠢᠳᠤ ᠵᠠᠭᠤᠨ ᠡᠷᠳᠡ ᠪᠣᠰᠤᠭᠠᠤᠨ ᠱᠠᠭᠠᠢ᠌ᠪᠴᠢ ᠪᠠᠷ ᠠᠰᠠᠷ ᠤᠨ ᠬᠤᠩᠭᠢᠯ ᠢ ᠱᠠᠭᠠᠢ᠌ᠨ ᠵᠤᠭᠰᠤᠪᠠ᠃

     ᠭᠦᠯᠢᠶᠡᠭᠦ ᠡᠴᠠ ᠣᠳᠠᠭᠠᠨ ᠶᠠᠭᠤᠮ᠎ᠠ ᠪᠠᠢ᠌ᠳᠠᠭ ᠦᠭᠡᠶ ᠬᠣᠢ᠌ᠨ᠎ᠠ᠂ ᠳᠠᠢ᠌ᠰᠤᠨ ᠶᠢᠡᠨ ᠣᠨᠢᠯᠠᠬᠤ ᠰᠢᠭ ᠮᠤᠤᠷ ᠤᠨ ᠨᠢᠳᠤ ᠭᠡᠵᠤ ᠴᠤ ᠨᠡᠷᠡᠯᠡᠳᠡᠭ᠌ ᠵᠢᠵᠢᠭ᠌ ᠱᠠᠭᠠᠢ᠌ᠪᠴᠢ ᠪᠠᠷ ᠣᠳᠠᠳᠠᠯ᠎ᠠ ᠬᠠᠷᠠᠯ᠎ᠠ᠃ ᠭᠡᠳᠥᠢᠪᠠᠷ ᠵᠠᠯᠬᠠᠭᠤ ᠭᠦᠷᠦᠮᠡᠷ ᠪᠣᠯᠪᠠᠴᠤ ᠳᠠᠷᠠ ᠨᠢᠭᠡ ᠰᠥ᠋ ᠭᠦᠷᠭᠡᠭ᠍ᠴᠢ ᠲᠡᠶ ᠠᠭᠤᠯᠵᠠᠬᠤ ᠭᠡᠰᠡᠨ ᠬᠠᠳᠠᠭᠤ ᠭᠦᠳᠦᠯᠦᠯ ᠨᠢ ᠳᠡᠢ᠌ᠯᠦᠭᠡᠳ ᠬᠠᠷᠠᠵᠤ ᠯᠠ ᠪᠠᠢ᠌ᠯ᠎ᠠ᠃

     ᠠᠰᠠᠷ ᠤᠨ ᠱᠠᠳᠤ ᠪᠠᠷ ᠳᠡᠭᠡᠭ᠍ᠰᠢᠯᠡᠭᠦ ᠭᠦᠯ ᠤᠨ ᠴᠢᠮᠡᠭᠡ ᠳᠤᠭᠤᠯᠳᠠᠪᠠ᠃ ᠡᠨᠡ ᠳᠠᠭᠤᠨ ᠨᠢ ᠶᠠᠭᠠᠭᠢᠭᠠᠤᠨ ᠢ ᠪᠣᠤ ᠮᠠᠳᠠ᠂ ᠮᠢᠨᠤ ᠵᠢᠮᠭᠡᠨ ᠪᠠᠢ᠌ᠭᠰᠠᠨ ᠵᠢᠷᠦᠭᠡᠨ ᠴᠤᠭᠢᠯᠭ᠎ᠠ ᠶᠢ ᠦᠪᠡᠷ ᠤᠨ ᠡᠷᠭᠡ ᠦᠭᠡᠶ ᠬᠤᠷᠳᠤᠰᠬᠠᠯ᠎ᠠ᠃ ᠱᠠᠭᠠᠢ᠌ᠵᠤ ᠪᠠᠢ᠌ᠳᠠᠯ᠎ᠠ ᠨᠢᠭᠡ ᠣᠯᠠᠭᠠᠨ ᠬᠠᠠᠳᠠᠭᠠᠵᠠ ᠡᠮᠦᠰᠦᠭ᠍ᠰᠡᠨ ᠴᠡᠮᠴᠡᠭᠡᠷ ᠪᠦᠰᠡᠭᠦᠢ ᠰᠦᠯᠵᠢᠮᠠᠯ ᠰᠠᠭᠰᠤ ᠳᠡᠭᠦᠵᠢᠯᠡᠵᠤ ᠢᠷᠡᠭᠡᠳ ᠭᠡᠷᠡᠮ ᠤᠨ ᠬᠠᠢ᠌ᠷᠴᠠᠭ ᠢ ᠨᠡᠭᠡᠭᠡᠯ᠎ᠡ᠃

     ᠪᠢ ᠴᠤ ᠡᠭᠦᠳᠡ ᠪᠠᠨ ᠨᠡᠭᠡᠭᠡᠯ᠎ᠡ᠃

     ᠳᠠᠷᠠ ᠪᠦᠰᠡᠭᠦᠢ ᠰᠤᠴᠢᠮᠠᠭ ᠨᠢᠳᠤ ᠪᠠᠷ ᠨᠠᠳᠠ ᠣᠷᠤᠭᠤ ᠬᠠᠷᠠᠭᠰᠠᠨ ᠳᠤ ᠪᠢ ᠡᠰᠡᠯ᠎ᠡ ᠮᠠᠨᠠᠷᠠᠭᠰᠠᠨ ᠦᠭᠡᠶ᠃

     ᠳᠡᠷᠡᠭᠡᠨ ᠬᠤᠷᠤᠮ ᠳᠤ ᠴᠤᠭᠢᠯᠭ᠎ᠠ ᠪᠠᠨ ᠳᠦᠷᠭᠡᠳᠭᠡᠨ ᠡᠭᠢᠯᠡᠭᠦᠯᠵᠤ ᠪᠠᠢ᠌ᠭᠰᠠᠨ ᠵᠢᠷᠦᠭᠡ ᠪᠠᠷᠤᠭ ᠵᠤᠭᠰᠤᠴᠢᠬᠠᠭᠰᠠᠨ ᠴᠤ ᠪᠠᠢ᠌ᠷᠢ ᠲᠡᠶ᠂ ᠶᠠᠭᠤ ᠪᠠᠨ ᠪᠦᠷ ᠢ ᠮᠠᠷᠳᠠᠨ ᠠᠯᠮᠠᠢ᠌ᠷᠠᠬᠤ ᠳᠤ ᠳᠠᠷᠠ ᠪᠦᠰᠡᠭᠦᠢ ᠴᠤ ᠨᠢᠳᠤ ᠴᠠᠪᠴᠢᠯ ᠦᠭᠡᠶ ᠭᠠᠢ᠌ᠬᠠᠵᠤ ᠰᠤᠴᠢᠭᠰᠠᠨ ᠬᠠᠷᠠᠴᠠ ᠪᠠᠷ ᠨᠠᠮᠢ᠋ᠢ ᠰᠢᠷᠳᠡᠭ᠍ᠰᠡᠭᠡᠷ ᠯᠠ ᠪᠠᠢ᠌ᠯ᠎ᠠ᠃

     ᠊᠊᠊᠊᠊᠊᠊᠊᠊᠊᠊᠊᠊᠊᠊   ᠴᠢ ᠶᠤᠮ ᠦᠦ︖ ᠲᠦᠮᠦᠰᠦᠩᠬᠤᠸᠠᠷ ᠡ︕ ᠴᠢ ᠶᠤᠮ ᠦᠦ︖ ᠭᠡᠰᠡᠨ ᠴᠡᠴᠡᠷᠡᠭ᠍ᠰᠡᠨ ᠳᠠᠭᠤᠨ ᠮᠢᠨᠤ ᠠᠮᠠᠨ ᠡᠴᠠ ᠭᠠᠷᠪᠠ᠃

     ᠊᠊᠊᠊᠊᠊᠊᠊᠊᠊᠊᠊᠊᠊᠊   ᠴᠢᠨᠤ ᠭᠡᠷ ᠦᠦ︖ ᠪᠢ ᠶᠠᠭ ᠮᠡᠳᠡᠭ᠍ᠰᠡᠨ ᠦᠭᠡᠶ᠂ ᠡ᠊ᠨᠳᠡ ᠰᠠᠭᠤᠭ᠎ᠠ ᠦᠦ︖ ᠭᠡᠵᠤ ᠳᠠᠷᠠ ᠢᠨᠢᠶᠠᠮᠠᠷ ᠰᠢᠭ᠌ ᠯᠠ ᠳᠤᠤᠭᠠᠷᠪᠠ᠃

     ᠊᠊᠊᠊᠊᠊᠊᠊᠊᠊᠊᠊᠊᠊᠊   ᠲ᠋ᠠᠢ᠌ᠮᠤ ᠡ᠂ ᠡᠨᠡ ᠴᠢᠨᠢ ᠮᠢᠨᠤ ᠭᠡᠷ ᠡ᠂ ᠴᠢᠮᠢ᠋ᠢ ᠭᠡᠵᠤ ᠶᠠᠭ ᠮᠡᠳᠡᠭ᠍ᠰᠡᠨ ᠦᠭᠡᠶ᠂ ᠡᠳᠥᠢᠴᠢᠨᠡᠨ ᠵᠢᠯ ᠠᠭᠤᠯᠵᠠᠭ᠎ᠠ ᠦᠭᠡᠶ ᠢᠩᠭᠢᠵᠤ ᠠᠭᠤᠯᠵᠠᠨ᠎ᠠ ᠭᠡᠵᠤ ᠪᠢ ᠵᠡᠭᠦᠳᠦᠯᠦᠭ᠍ᠰᠡᠨ ᠦᠭᠡᠶ ᠰᠢᠤ︕

     ᠊᠊᠊᠊᠊᠊᠊᠊᠊᠊᠊᠊᠊᠊᠊   ᠲ᠋ᠠᠢ᠌ᠮᠤ ᠡ᠂ ᠪᠠᠷᠤᠭ ᠬᠤᠷᠢᠨ ᠵᠢᠯ ᠠᠭᠤᠯᠵᠠᠭ᠎ᠠ ᠦᠭᠡᠶ ᠪᠢᠵᠠ︖

     ᠊᠊᠊᠊᠊᠊᠊᠊᠊᠊᠊᠊᠊᠊᠊   ᠬᠤᠷᠢᠨ ᠵᠢᠯ ᠪᠣᠯᠴᠢᠬᠠᠯ᠎ᠠ᠂ ᠴᠢ ᠮᠦᠨ ᠵᠠᠯᠠᠭᠤ ᠪᠠᠷ ᠶᠢᠡᠨ ᠬᠤᠪᠢᠷᠠᠭ᠎ᠠ ᠦᠭᠡᠶ᠃

     ᠊᠊᠊᠊᠊᠊᠊᠊᠊᠊᠊᠊᠊᠊᠊   ᠴᠢ ᠴᠤ ᠳᠠᠮᠠᠢ ᠬᠤᠪᠢᠷᠠᠭ᠎ᠠ ᠦᠭᠡᠶ᠂ ᠵᠢᠭᠠᠬᠠᠨ ᠳᠠᠷᠭᠤᠯᠠᠴᠢᠬᠠᠯ᠎ᠠ᠃

     ᠊᠊᠊᠊᠊᠊᠊᠊᠊᠊᠊᠊᠊᠊᠊   ᠲ᠋ᠡᠭᠡᠭᠡᠳ ᠬᠠᠮᠢᠭ᠎ᠠ ᠰᠠᠭᠤᠳᠠᠭ ᠪᠣᠢ︖ ᠤᠢ᠌ᠷᠠᠬᠠᠨ ᠦᠦ᠂ ᠡ᠊ᠨᠳᠡ ᠡᠴᠠ︖

     ᠊᠊᠊᠊᠊᠊᠊᠊᠊᠊᠊᠊᠊᠊᠊   ᠲ᠋ᠠᠮᠠᠢ ᠬᠤᠯᠠ ᠦᠭᠡᠶ᠂ ᠬᠤᠳᠠ ᠶᠢᠨ ᠬᠣᠢ᠌ᠳᠤ ᠵᠠᠬ᠎ᠠ ᠪᠠᠷ ᠪᠠᠢ᠌ᠨ᠎ᠠ ᠭᠡᠵᠤ ᠬᠣᠢ᠌ᠳᠤ ᠵᠥᠭ᠌ ᠡᠷᠡᠤ ᠪᠠᠷ ᠶᠢᠡᠨ ᠳᠤᠭᠢᠨ᠎ᠠ᠃

     ᠠᠰᠠᠷ ᠤᠨ ᠬᠤᠩᠭᠢᠯ ᠳᠤ ᠢᠩᠭᠢᠵᠤ ᠬᠠᠭᠤᠴᠢᠯᠠᠨ ᠵᠤᠭᠰᠤᠬᠤ ᠳᠤ ᠪᠠᠨ ᠡᠪᠭᠦᠢᠷᠡᠭ᠍ᠰᠡᠨ ᠶᠢᠡᠨ ᠭᠡᠨᠡᠳᠲᠡ ᠰᠠᠨᠠᠵᠤ ᠭᠡᠷ ᠲᠤ ᠣᠷᠤᠵᠤ ᠰᠠᠭᠤᠬᠤ ᠶᠢ ᠶᠠᠩᠨᠠᠬᠤ ᠳᠤ ᠳᠠᠷᠠ᠄

     ᠊᠊᠊᠊᠊᠊᠊᠊᠊᠊᠊᠊᠊᠊᠊   ᠣᠳᠤ ᠶᠠᠭᠤ ᠭᠡᠵᠤ ᠭᠡᠷ ᠲᠤ ᠴᠢᠨᠢ ᠣᠷᠤᠬᠤ ᠪᠣᠢ︖ ᠬᠠᠷ᠎ᠠ ᠡᠷᠳᠡ ᠪᠠᠷ᠂ ᠳᠠᠷᠠᠭ᠎ᠠ ᠪᠠᠷ ᠢᠷᠠᠶ᠎ᠠ ᠭᠡᠳ ᠰᠠᠭᠰᠤᠨ ᠡᠴᠠ ᠪᠠᠨ ᠨᠢᠭᠡ ᠯᠤᠩᠬᠤ ᠰᠦ᠋ ᠶᠢ ᠠᠪᠣᠭᠠᠤᠨ ᠭᠠᠷ ᠲᠤ ᠠᠳᠬᠤᠭᠤᠯᠤᠭᠰᠠᠨ ᠶᠢᠡᠨ᠄

     ᠊᠊᠊᠊᠊᠊᠊᠊᠊᠊᠊᠊᠊᠊᠊   ᠪᠢ ᠭᠡᠵᠢᠶᠡᠳᠡ ᠣᠰᠤ ᠬᠤᠯᠢᠳᠠᠭ ᠦᠭᠡᠶ ᠰᠢᠤ ᠭᠡᠵᠤ ᠢᠨᠢᠶᠡᠮᠰᠦᠭᠯᠡᠭ᠍ᠰᠡᠭᠡᠷ᠄

     ᠊᠊᠊᠊᠊᠊᠊᠊᠊᠊᠊᠊᠊᠊᠊   ᠭᠡᠷ ᠲᠤ ᠪᠠᠨ ᠪᠣᠴᠠᠵᠤ ᠣᠷᠤ ᠡ᠂ ᠪᠢ ᠪᠣᠰᠤᠳ ᠠᠢ᠌ᠯ ᠤᠳ ᠤᠨ ᠰᠦ᠋ ᠶᠢ ᠭᠦᠷᠭᠡᠭᠦ ᠪᠠᠷ ᠶᠠᠪᠣᠨ᠎ᠠ ᠭᠡᠳ ᠡᠷᠭᠢᠭ᠍ᠰᠡᠨ ᠳᠤ ᠪᠢ ᠰᠠᠠᠳᠤᠷᠤᠨ᠄

     ᠊᠊᠊᠊᠊᠊᠊᠊᠊᠊᠊᠊᠊᠊᠊   ᠲᠦᠮᠤᠰᠤ ᠡ᠂ ᠴᠢᠯᠦᠭᠡ ᠪᠠᠷ ᠶᠢᠡᠨ ᠠᠭᠤᠯᠵᠠᠶ᠎ᠠ ᠭᠡᠯ᠎ᠡ᠃

     ᠊᠊᠊᠊᠊᠊᠊᠊᠊᠊᠊᠊᠊᠊᠊   ᠪᠣᠯᠤᠨ᠎ᠠ᠂ ᠴᠢᠯᠦᠭᠡ ᠪᠠᠷ ᠶᠢᠡᠨ ᠠᠭᠤᠯᠵᠠᠶ᠎ᠠ ᠭᠡᠭ᠍ᠰᠡᠭᠡᠷ ᠠᠰᠠᠷ ᠶᠢᠡᠷ ᠪᠠᠭᠤᠯ᠎ᠠ᠃

     ᠳ᠋ᠸᠩᠯᠤ ᠬᠤᠶᠠᠷ ᠨᠢᠳᠤᠨ ᠳᠤ ᠨᠢ ᠳ᠋ᠸᠩ ᠤᠨ ᠡᠷᠪᠠᠭᠡᠢ ᠰᠢᠭ᠌ ᠳᠠᠳᠠᠭᠳᠠᠵᠤ ᠰᠤᠭᠤ ᠶᠢᠨ ᠭᠤᠸᠠᠯᠢᠭ ᠨᠢᠷᠤᠭᠤᠨ ᠳᠤ ᠨᠢ ᠰᠤᠷᠢᠠᠵᠢᠨ ᠳᠠᠮᠤᠷ ᠰᠢᠭ᠌ ᠰᠤᠷᠤᠭᠳᠠᠵᠤ ᠪᠠᠢ᠌ᠭᠰᠠᠨ ᠠᠷᠪᠠᠨ ᠨᠢ᠋ᠮᠠᠨ ᠨᠠᠰᠤᠨ ᠤ ᠬᠤᠩᠭ᠋ᠤᠷᠬᠠᠨ ᠮᠦᠴᠡ ᠦᠪᠡᠷ ᠤᠨ ᠡᠵᠡᠨ ᠦᠭᠡᠶ ᠡᠷᠢᠭ᠍ᠳᠡᠯ᠎ᠡ᠃

     ᠳᠤᠷᠠᠯᠠᠯ ᠤᠨ ᠨᠤᠶᠠᠨ ᠰᠠᠯᠭᠢᠨ ᠳᠤ ᠠᠩᠬ᠎ᠠ ᠢᠯᠪᠢᠭᠦᠯᠵᠤ ᠵᠢᠷᠦᠭᠡ ᠰᠡᠳᠭᠢᠯ ᠠᠯᠢᠪᠠ ᠪᠦᠭᠦᠨ ᠳᠡᠭᠦᠨ ᠣᠷᠤᠭᠤ ᠭᠦᠶ‍ᠦᠯᠴᠡᠵᠤ ᠬᠠᠢ᠌ᠷ᠎ᠠ ᠭᠤᠷᠢᠳᠠᠯ ᠤᠨ ᠠᠯᠢ ᠨᠢ ᠢᠯᠭᠠᠭᠤᠷᠢ ᠦᠭᠡᠶ ᠭᠦᠪᠦᠷᠡᠵᠤ ᠪᠠᠢ᠌ᠭᠰᠠᠨ ᠳᠠᠷᠠ ᠦᠶ᠎ᠡ ᠶᠢᠨ ᠬᠠᠭᠤᠳᠠᠰᠤ ᠭᠡᠵᠢᠶᠡᠳᠡ ᠰᠢᠷᠠᠯᠠᠵᠤ ᠬᠠᠭᠤᠴᠢᠷᠠᠭᠰᠠᠨ ᠦᠭᠡᠶ ᠶᠠᠪᠣᠭᠰᠠᠨ ᠰᠢᠤ ᠲᠦᠮᠦᠰᠦᠩᠬᠤᠸᠠᠷ ᠮᠢᠨᠢ᠃ ᠰᠠᠯᠬᠤ ᠡᠴᠠ ᠡᠮᠦᠨᠡᠭᠢ ᠳᠡᠷᠡᠭᠡᠨ ᠵᠠᠢ ᠳᠤ ᠭᠠᠷ ᠲᠤ ᠴᠢᠨᠢ ᠢᠨᠠᠭ ᠤᠨ ᠪᠣᠷᠤ ᠵᠠᠭᠢᠳᠠᠯ ᠶᠢᠡᠨ ᠠᠳᠬᠤᠭᠤᠯᠤᠭᠠᠤᠨ ᠬᠠᠷᠢᠭᠤ ᠣᠯᠤᠭᠰᠠᠨ ᠦᠭᠡᠶ ᠬᠤᠭᠤᠰᠤᠷᠤᠭᠰᠠᠨ ᠬᠤᠷᠢᠨ ᠵᠢᠯ ᠤᠨ ᠳᠠᠷᠠᠭᠠᠭᠢ ᠦᠨᠦ ᠡᠳᠦᠷ ᠪᠢᠳᠠ ᠬᠤᠶᠠᠷ ᠶᠠᠭᠠᠭᠢᠬᠤ ᠳᠤ ᠪᠠᠨ ᠢᠩᠭᠢᠵᠤ ᠠᠭᠤᠯᠵᠠᠪᠠ ᠳ᠋ᠠ︕

     ᠯᠤᠩᠬᠤ ᠲᠡᠶ ᠰᠦ᠋ ᠪᠠᠨ ᠪᠣᠴᠠᠯᠭᠠᠬᠤ ᠪᠠᠨ ᠴᠤ ᠮᠠᠷᠳᠠᠵᠤ ᠪᠣᠳᠤᠯᠭᠠᠨ ᠤ ᠳᠠᠯᠠᠢ ᠳᠤ ᠵᠢᠪᠪᠦᠭ᠍ᠰᠡᠨ ᠪᠢ ᠪᠠᠶᠠᠷᠯᠠᠭᠰᠠᠨ ᠵᠣᠢ᠌ᠯ ᠠᠯᠠᠭ᠎ᠠ ᠭᠡᠳᠡᠭ᠌ ᠶᠢᠡᠨ ᠴᠠᠭᠠᠪᠣᠷᠯᠠᠬᠤ ᠶᠤᠰᠤᠳᠠᠢ᠃ ᠣᠴᠢᠷ ᠨᠢ ᠪᠢ ᠳᠠᠷᠠ ᠭᠦ ᠭᠦᠭᠡᠷᠦᠭᠦᠨ ᠴᠤᠪᠣᠭᠤᠯᠢᠭ ᠭᠤᠸ᠎ᠠ ᠳᠡᠭ᠍ᠵᠢᠨ ᠵᠠᠯᠠᠭᠤ ᠭᠡᠦᠭᠡᠨ ᠢ ᠭᠡᠵᠢᠶᠡᠳᠡ ᠮᠠᠷᠳᠠᠭᠰᠠᠨ ᠦᠭᠡᠶ ᠶᠠᠪᠣᠭᠰᠠᠭᠠᠷ ᠢᠷᠠᠵᠠᠢ᠃ ᠣᠳᠤ ᠠᠭᠤᠯᠵᠠᠬᠤ ᠳᠤ ᠳᠠᠷᠠ ᠰᠥ᠋ ᠭᠦᠷᠭᠡᠭ᠍ᠴᠢ ᠪᠣᠯᠤᠭᠠᠤᠨ ᠬᠠᠷ᠎ᠠ ᠪᠣᠷᠤ ᠠᠵᠢᠯ ᠳᠤ ᠵᠦᠳᠠᠷᠠᠵᠤ ᠶᠠᠪᠣᠭᠰᠠᠨ ᠪᠠᠢ᠌ᠬᠤ ᠳᠤ ᠪᠠᠶᠠᠷᠯᠠᠬᠤ ᠰᠢᠯᠳᠠᠭ ᠦᠭᠡᠶ ᠮᠦᠷᠳᠡᠭᠡᠨ ᠮᠢᠨᠤ ᠦᠪᠡᠷ ᠤᠨ ᠠᠮᠢᠳᠤᠷᠠᠯ᠂ ᠣᠢ᠌ᠯᠠᠰ ᠤᠨ ᠠᠯᠢ ᠨᠢ ᠴᠤ ᠭᠡᠳ ᠨᠠᠮᠢ᠋ᠢ ᠬᠠᠨᠤᠮᠵᠢᠳᠠᠢ ᠪᠠᠶᠠᠷᠯᠠᠭᠤᠯᠵᠤ ᠪᠠᠢ᠌ᠭᠰᠠᠨ ᠦᠭᠡᠶ ᠪᠣᠯᠬᠤᠷ ᠵᠢᠷᠦᠭᠡᠨ ᠳᠤᠯᠳᠤ ᠶᠢᠨ ᠡᠴᠢᠨ᠎ᠡ ᠳᠠᠯᠳᠠ ᠳᠤ ᠭᠤᠨᠢᠭ ᠣᠢ᠌ᠤᠠᠬᠠᠷ ᠤᠨ ᠡᠰ ᠨᠤᠭᠦᠳ ᠢᠴᠡᠭᠡᠯᠡᠵᠤ ᠣᠷᠤ ᠡᠵᠡᠯᠡᠵᠤ ᠪᠠᠢ᠌ᠭᠰᠠᠨ ᠨᠢ ᠣᠳᠤ ᠣᠯᠠᠮ ᠠᠮᠢᠯᠠᠵᠤ ᠥᠡᠳᠡᠢ᠌ᠭᠡᠳ ᠪᠠᠶᠠᠷᠯᠠᠵᠤ ᠪᠠᠶᠠᠰᠬᠤ ᠶᠢᠨ ᠰᠢᠯᠳᠠᠭ ᠨᠥᠭᠦᠴᠡᠯ ᠢ ᠪᠦᠷᠢᠮᠦᠰᠤᠨ ᠠᠯᠠᠭ᠎ᠠ ᠪᠣᠯᠭᠠᠵᠠᠢ᠃ ᠦᠨᠡᠨ ᠳᠤ ᠪᠠᠨ ᠪᠢ ᠲᠦᠮᠦᠰᠦᠩᠬᠤᠸᠠᠷ ᠲᠤ ᠳᠤᠷᠠᠯᠠᠭᠰᠠᠨ ᠳᠠᠳᠤᠢ ᠮᠦᠷᠳᠡᠭᠡᠨ ᠡᠳᠥᠢᠴᠢᠨᠡᠭᠡᠨ ᠵᠢᠯ ᠶᠢᠡᠷ ᠰᠡᠳᠭᠢᠯ ᠳᠤ ᠪᠠᠨ ᠬᠠᠳᠠᠭᠠᠯᠠᠵᠤ ᠶᠠᠪᠣᠭᠰᠠᠨ ᠳᠠᠳᠤᠢ ᠡᠴᠠ ᠪᠢᠰᠢ ᠬᠠᠷᠢᠨ ᠳᠤᠷᠠᠳᠬᠠᠨ ᠡᠷᠭᠢᠴᠡᠭᠦᠯᠦᠮᠡᠷ ᠥᠯᠢᠭᠡᠷ ᠳᠡᠦᠭᠡ ᠭᠡᠵᠤ ᠦᠭᠡᠶ ᠶᠤᠮ᠃ ᠵᠥᠪᠭᠡᠨ ᠳᠡᠭᠦᠨ ᠤ ᠡᠷᠪᠠᠭᠡᠢ ᠰᠠᠭᠤᠮᠠᠷ ᠣᠷᠳᠤ ᠰᠤᠷᠮᠤᠰᠤ᠂ ᠳ᠋ᠸᠩᠯᠤ ᠴᠤ ᠭᠡᠮᠡᠷ ᠠᠯᠠᠭ ᠳᠤᠮᠤ ᠨᠢᠳᠤ ᠨᠢ ᠦᠨᠢᠳᠠ ᠶᠢᠨ ᠰᠠᠢ᠌ᠬᠠᠨ ᠳᠦᠷᠢ ᠪᠣᠯᠵᠤ ᠥᠯᠡᠳᠡᠭᠡᠳ ᠮᠠᠷᠳᠠᠭᠳᠠᠬᠤ ᠦᠭᠡᠶ ᠢᠷᠡᠭ᠍ᠰᠡᠨ ᠯᠠ ᠭᠡᠷᠡᠭ᠌᠃ ᠣᠳᠤ ᠪᠢ ᠲᠦᠮᠦᠰᠦᠩᠬᠤᠸᠠᠷ ᠲᠡᠶ ᠳᠠᠭᠢᠨ ᠠᠭᠤᠯᠵᠠᠯ᠎ᠠ᠂ ᠠᠭᠤᠯᠵᠠᠬᠤ ᠳᠤ ᠪᠠᠨ ᠢᠩᠭᠢᠵᠤ ᠯᠠ ᠠᠭᠤᠯᠵᠠᠨ᠎ᠠ ᠭᠡᠵᠤ ᠵᠡᠭᠦᠳᠤᠨ ᠰᠠᠠᠵᠢ ᠳᠤ ᠴᠤ ᠣᠷᠤᠭ᠎ᠠ ᠦᠭᠡᠶ ᠪᠠᠢ᠌ᠭᠰᠠᠨ᠃ ᠶᠠᠭᠤ ᠴᠤ ᠭᠡᠰᠡᠨ ᠳᠡᠭᠦᠨ ᠲᠡᠶ ᠠᠭᠤᠯᠵᠠᠭᠰᠠᠨ ᠨᠢ ᠮᠢᠨᠤ ᠨᠠᠮᠤᠬᠠᠨ ᠪᠠᠢ᠌ᠭᠰᠠᠨ ᠰᠡᠳᠭᠢᠯ ᠤᠨ ᠨᠠᠭᠤᠷ ᠲᠤ ᠠᠷ ᠳᠠᠳᠠᠭᠤᠯᠵᠤ ᠳᠤᠯᠭᠢᠶ᠎ᠠ ᠳᠤᠯᠭᠢᠶᠠᠭᠤᠯᠤᠭᠰᠠᠨ ᠢ ᠥᠭᠦᠯᠡᠭᠦ ᠶᠠᠭᠤᠨ᠃

     ᠭᠠ᠊ ᠪᠠᠭᠰᠢ ᠡᠷᠳᠡ ᠢᠷᠡᠭᠡᠳ ᠴᠠᠢ ᠶᠢ ᠮᠢᠨᠢ ᠴᠡᠢ᠌ᠯᠡᠭᠡᠳ ᠳᠠᠯᠪᠢᠴᠢᠬᠠᠳᠠᠭ ᠪᠠᠷᠢᠮᠳᠠ ᠲᠡᠶ᠃ ᠦᠨᠦᠳᠤᠷ ᠴᠤ ᠡᠢ᠌ᠮᠤ᠃

     ᠪᠢ ᠳᠡᠭᠦᠨ ᠤ ᠴᠡᠢ᠌ᠯᠡᠭᠡᠳ ᠦᠭ‍ᠭᠦᠭ᠍ᠰᠡᠨ ᠬᠠᠯᠠᠭᠤᠨ ᠴᠠᠢ ᠶᠢ ᠨᠢ ᠥᠯᠢᠶᠡᠭᠦ ᠶᠢᠨ ᠳᠠᠭᠠᠤ ᠢᠨᠢᠶᠠᠳᠤ ᠪᠠᠶᠠᠷ ᠶᠢᠡᠨ ᠨᠢᠭᠤᠵᠤ ᠴᠢᠳᠠᠬᠤ ᠦᠭᠡᠶ ᠬᠡᠦᠬᠡᠳ ᠰᠢᠭ᠌ ᠢᠨᠢᠶᠠᠵᠤ᠄

     ᠊᠊᠊᠊᠊᠊᠊᠊᠊᠊᠊᠊᠊᠊᠊   ᠭᠠ᠊ ᠪᠠᠭᠰᠢ ᠡ᠂ ᠴᠢ ᠴᠢᠨᠢ ᠮᠢᠨᠤ ᠬᠠᠮᠤᠭ ᠤᠨ ᠠᠭᠤᠤ ᠶᠡᠭᠡ ᠭᠠᠪᠢᠶᠠᠳᠠᠨ ᠰᠢᠤ ᠭᠡᠵᠤ ᠳᠡᠭᠦᠨ ᠢ ᠰᠢᠷᠳᠡᠭᠦ ᠳᠤ᠄

     ᠊᠊᠊᠊᠊᠊᠊᠊᠊᠊᠊᠊᠊᠊᠊ ᠶᠠᠭᠤ ᠭᠡᠵᠤ ᠢᠩᠭᠢᠵᠤ ᠶᠠᠷᠢᠵᠤ ᠪᠠᠢ᠌ᠬᠤ ᠪᠣᠢ︖ ᠭᠡᠵᠤ ᠭᠠᠢ᠌ᠬᠠᠭᠰᠠᠨ᠂ ᠰᠠᠠᠳᠤᠷᠤᠭᠰᠠᠨ ᠴᠢᠷᠠᠢ᠌ᠯᠠᠨ ᠮᠢᠨᠤ ᠠᠮᠠ ᠶᠢ ᠬᠠᠷᠠᠨ᠎ᠠ᠃

     ᠊᠊᠊᠊᠊᠊᠊᠊᠊᠊᠊᠊᠊᠊᠊   ᠣᠴᠢᠷ ᠨᠢ ᠴᠢ ᠨᠠᠮᠢ᠋ᠢ ᠲᠦᠮᠦᠰᠦᠩᠬᠤᠸᠠᠷ ᠲᠡᠶ ᠳᠠᠭᠢᠨ ᠠᠭᠤᠯᠵᠠᠭᠤᠯᠵᠠᠢ᠂ ᠳᠠᠷᠠ ᠰᠥ᠋ ᠭᠦᠷᠭᠡᠭ᠍ᠴᠢ ᠪᠣᠯ ᠮᠢᠨᠤ ᠬᠠᠮᠳᠤ ᠰᠤᠷᠤᠭᠴᠢ ᠲᠦᠮᠦᠰᠦᠩᠬᠤᠸᠠᠷ ᠰᠢᠤ᠂ ᠭᠤᠶᠤ ᠭᠡᠪ ᠶᠢᠡᠷ ᠶᠢᠡᠨ ᠪᠠᠢ᠌ᠨ᠎ᠠ᠂ ᠮᠢᠨᠤ ᠠᠰᠠᠷ ᠤᠨ ᠬᠤᠩᠭᠢᠯ ᠳᠤ ᠰᠥ᠋ ᠭᠦᠷᠭᠡᠵᠤ ᠢᠷᠡᠭ᠍ᠰᠡᠨ ᠲᠡᠶ ᠨᠢ ᠦᠨᠦ ᠦᠷᠯᠦᠭᠡ ᠠᠭᠤᠯᠵᠠᠭᠰᠠᠨ᠂ ᠭᠤᠶᠤ ᠭᠡᠦᠭᠡᠨ ᠰᠢᠤ ᠭᠡᠵᠤ ᠠᠮᠠ ᠳᠠᠷᠪᠠᠢ᠌ᠵᠤ ᠶᠠᠷᠢᠬᠤ ᠳ᠋ᠤ᠄

     ᠊᠊᠊᠊᠊᠊᠊᠊᠊᠊᠊᠊᠊᠊᠊   ᠶᠠᠭᠤ ᠭᠡᠨ᠎ᠡ︖ ᠲᠦᠮᠦᠰᠦᠩᠬᠤᠸᠠᠷ ᠴᠢᠨᠤ ᠬᠠᠮᠳᠤ ᠰᠤᠷᠤᠭᠴᠢ ᠭᠡᠨᠡᠤ︖ ᠡᠭᠦᠨ ᠢ ᠪᠢ ᠶᠠᠭ ᠮᠡᠳᠡᠭ᠍ᠰᠡᠨ ᠦᠭᠡᠶ ᠰᠢᠤ᠂ ᠠᠢ᠂ ᠪᠢ ᠶᠠᠭᠤ ᠭᠡᠵᠤ ᠳᠠᠨ ᠤ ᠬᠤᠶᠠᠷ ᠤᠨ ᠨᠠᠷ᠎ᠠ ᠶᠢ ᠴᠢᠨᠢ ᠳᠠᠨᠢᠯᠴᠠᠭᠤᠯᠤᠭ᠎ᠠ ᠦᠭᠡᠶ ᠪᠣᠢ︖ ᠳᠠᠨᠢᠯ ᠶᠤᠮ ᠪᠣᠯ ᠨᠠᠩ ᠰᠠᠢ᠌ᠨ ᠣᠴᠢᠷ ᠰᠢᠳᠠ ᠁ ᠭᠠ᠊ ᠪᠠᠭᠰᠢ ᠣᠪᠣᠭ᠎ᠠ ᠭᠦᠭ᠍ᠰᠦᠭ᠍ᠰᠡᠨ ᠪᠠᠢ᠌ᠳᠠᠯ ᠢᠯᠡᠷᠡᠭ᠍ᠰᠡᠨ ᠪᠣᠯᠬᠤᠷ ᠪᠢ ᠥᠭᠡ ᠪᠠᠨ ᠬᠤᠷᠢᠶᠠᠬᠤ ᠴᠢᠬᠤᠯᠠ ᠲᠡᠶ ᠪᠣᠯᠤᠭᠰᠠᠨ ᠶᠢᠡᠨ ᠭᠠᠳᠠᠷᠯᠠᠵᠠᠢ᠃ ᠣᠴᠢᠷ ᠨᠢ ᠭᠠ᠊ ᠪᠠᠭᠰᠢ ᠶᠢᠨ ᠬᠠᠮᠤᠭ ᠶᠡᠭᠡ ᠣᠠᠴᠠᠯᠢᠭ ᠪᠣᠯ ᠪᠣᠰᠤᠳ ᠢ ᠬᠠᠯᠠᠮᠵᠢᠯᠠᠨ ᠬᠠᠪᠰᠤᠷᠬᠤ ᠳᠤ ᠪᠠᠨ ᠯᠠ ᠪᠠᠢ᠌ᠬᠤ ᠪᠢᠰᠢ ᠬᠠᠷᠢᠨ ᠥᠭᠡᠨ ᠰᠠᠳᠤᠪ ᠣᠯᠤᠭᠰᠠᠭᠠᠷ ᠵᠤᠭᠰᠤᠬᠤ ᠪᠠᠨ ᠮᠠᠷᠳᠠᠳᠠᠭ ᠲᠤ ᠪᠠᠨ ᠪᠠᠢ᠌ᠨ᠎ᠠ᠃

     ᠭᠠ᠊ ᠪᠠᠭᠰᠢ ᠶᠠᠷᠢᠵᠤ ᠯᠠ ᠪᠠᠢ᠌ᠯ᠎ᠠ᠂ ᠭᠡᠪᠠᠴᠤ ᠪᠢ ᠪᠠᠷᠤᠭ ᠰᠤᠨᠤᠰᠬᠤ ᠦᠭᠡᠶ ᠭᠦᠮᠤᠨ ᠰᠢᠭ᠌ ᠮᠡᠭᠡᠢ᠌ᠷᠡᠨ᠎ᠡ᠃ ᠳᠠᠷᠠ ᠶᠠᠷᠢᠵᠤ ᠶᠠᠷᠢᠵᠤ ᠪᠠᠢ᠌ᠭᠰᠠᠨ ᠶᠢᠡᠨ ᠭᠡᠨᠡᠳᠲᠡ ᠰᠢᠷᠡᠭᠡ ᠶᠢ ᠭᠦᠴᠦᠳᠡᠢ ᠬᠤᠶᠠᠭ ᠳᠤᠭᠰᠢᠭᠰᠠᠨ ᠵᠢᠠᠨ᠄

     ᠊᠊᠊᠊᠊᠊᠊᠊᠊᠊᠊᠊᠊᠊᠊   ᠭᠦᠢ᠂ ᠭᠦᠢ᠂ ᠣᠴᠢᠷ ᠡᠢ᠌ᠮᠤ ᠪᠠᠢ᠌ᠨ᠎ᠠ᠂ ᠣᠤ ᠪᠢ ᠣᠢ᠌ᠯᠠᠭᠠᠯ᠎ᠠ᠂ ᠲᠦᠮᠦᠰᠦᠩᠬᠤᠸᠠᠷ ᠭᠦᠤ ᠳᠤ ᠪᠠᠨ ᠴᠢᠮ᠎ᠠ ᠲᠡᠶ ᠠᠳᠠᠯᠢᠬᠠᠨ ᠨᠠᠷ᠎ᠠ ᠦᠭ‍ᠭᠦᠯ᠎ᠡ ᠰᠢᠤ᠂ ᠮᠠᠳᠠᠪᠠ ᠦᠦ︖ ᠳᠠᠷᠠ ᠨᠠᠷ᠎ᠠ ᠶᠢ ᠦᠭ‍ᠭᠦ ᠶᠢᠨ ᠲᠦᠯᠦᠭᠡ ᠬᠠᠳᠠᠮ ᠠᠪᠣ᠂ ᠡᠵᠢ ᠲᠡᠶ ᠪᠠᠨ ᠨᠠᠯᠢᠶᠠᠤᠨ ᠣᠳᠠᠳᠠᠯ᠎ᠠ ᠮᠠᠭᠤᠳᠠᠯᠴᠠᠭᠠᠤᠨ ᠪᠠᠢ᠌ᠭᠰᠠᠨ ᠢ ᠪᠢ ᠰᠠ‍‌ᠶᠢ ᠰᠠᠨᠠᠭᠠᠨ ᠳᠤ ᠣᠷᠤᠯ᠎ᠠ᠂ ᠪᠣᠳᠤᠪᠠᠯ ᠳᠠᠷᠠ ᠴᠢᠨᠢ ᠴᠢᠮ᠎ᠠ ᠶᠢ ᠳᠤᠷᠠᠰᠬᠠᠬᠤ ᠶᠢᠨ ᠲᠦᠯᠦᠭᠡ ᠪᠢᠵᠠ︖ ᠳᠠᠨ ᠤ ᠬᠤᠶᠠᠷ ᠳᠠᠷᠠ ᠦᠶ᠎ᠡ ᠳᠤ ᠪᠠᠨ ᠨᠠᠯᠢᠶᠠᠤᠨ ᠳᠤᠳᠤᠨᠤ ᠪᠠᠢ᠌ᠭᠰᠠᠨ ᠦᠦ︖ ᠡᠰᠡᠭᠦᠯ᠎ᠡ ᠁ ᠭᠠ᠊ ᠪᠠᠭᠰᠢ ᠶᠢᠨ ᠣᠷᠤᠭᠤᠯ ᠤᠨ ᠵᠠᠪᠰᠠᠷ ᠶᠢᠡᠷ ᠮᠢᠨᠤ ᠥᠩᠭᠡᠷᠡᠭ᠍ᠰᠡᠨ ᠤ ᠳᠡᠦᠭᠡ ᠬᠠᠷᠠᠭᠳᠠᠵᠤ ᠪᠠᠢ᠌ᠬᠤ ᠴᠤ ᠰᠢᠭ᠂ ᠲᠦᠮᠤᠰᠤᠩᠬᠤᠸᠠᠷ ᠤᠨ ᠳᠤᠷ᠎ᠠ ᠶᠢ ᠮᠢᠨᠢ ᠪᠣᠯᠢᠶᠠᠭᠰᠠᠨ ᠰᠠᠢ᠌ᠬᠠᠨ ᠨᠢᠳᠤ ᠬᠠᠷᠠᠭᠳᠠᠬᠤ ᠴᠤ ᠰᠢᠭ ᠪᠣᠯᠤᠭᠠᠤᠨ ᠪᠢ ᠶᠠᠭᠤ ᠭᠡᠯᠡᠪᠠᠯ ᠵᠣᠢ᠌ᠳᠠᠢ᠂ ᠶᠠᠭᠤ ᠪᠣᠳᠤᠪᠠᠯ ᠵᠤᠭᠢᠰᠳᠠᠢ ᠭᠡᠳᠡᠭ᠌ ᠶᠢᠡᠨ ᠪᠠᠷᠤᠭ ᠪᠦᠷ ᠮᠠᠷᠳᠠᠴᠢᠬᠠᠵᠠᠢ᠃

     ᠲᠦᠮᠦᠰᠦᠩᠬᠤᠸᠠᠷ ᠭᠦᠤ ᠳᠤ ᠪᠠᠨ ᠨᠠᠳᠠ ᠲᠡᠶ ᠠᠳᠠᠯᠢᠬᠠᠨ ᠨᠠᠷ᠎ᠠ ᠦᠭ‍ᠭᠦ ᠶᠢᠨ ᠲᠦᠯᠦᠭᠡ ᠳᠡᠭᠡᠵᠤ ᠮᠤᠵᠢᠭᠤᠳᠠᠯᠠᠨ ᠵᠢᠦᠡᠭᠦᠭ᠍ᠰᠡᠨ ᠨᠢ ᠶᠠᠮᠠᠷ ᠣᠴᠢᠷ ᠡᠴᠠ ᠪᠣᠯᠪᠠ︖ ᠳᠠᠷᠠ ᠥᠨᠡᠭᠡᠷ ᠨᠠᠮ᠎ᠠ ᠶᠢ ᠳᠤᠷᠠᠰᠬᠠᠨ ᠰᠠᠨᠠᠵᠤ ᠪᠠᠢ᠌ᠭᠰᠠᠨ ᠭᠡᠵᠤ ᠦᠦ︖ ᠡᠰᠡᠭᠦᠯ᠎ᠡ ᠡᠨᠡ ᠨᠠᠷ᠎ᠠ ᠶᠢ ᠳᠤᠩ ᠰᠠᠢ᠌ᠬᠠᠨ ᠨᠠᠷ᠎ᠠ ᠭᠡᠵᠤ ᠪᠣᠳᠤᠭᠰᠠᠨ ᠳᠤ ᠪᠠᠨ ᠦᠦ︖ ᠣᠳᠤ ᠪᠢ ᠵᠥᠭᠡᠷ ᠳᠤᠭᠳᠠᠬᠤ ᠶᠢᠨ ᠠᠷᠭ᠎ᠠ ᠦᠭᠡᠶ ᠪᠣᠯᠤᠯ᠎ᠠ᠃ ᠲᠦᠮᠤᠰᠤᠩᠬᠤᠸᠠᠷ ᠤᠨ ᠵᠢᠷᠦᠭᠡᠨ ᠤ ᠨᠢᠭᠤᠴᠠᠨ ᠳᠤ ᠮᠢᠨᠤ ᠳᠤᠬᠠᠢ ᠰᠠᠢ᠌ᠬᠠᠨ ᠳᠤᠷᠠᠰᠤᠯ ᠭᠠᠵᠠᠷ ᠡᠵᠡᠯᠡᠵᠤ ᠪᠠᠢ᠌ᠬᠤ ᠦᠭᠡᠶ ᠦᠦ︖ ᠭᠡᠷᠪᠡ ᠪᠢᠳᠠ ᠳᠠᠷᠠ ᠦᠶ᠎ᠡ ᠳᠤ ᠰᠤᠶᠤᠯ ᠰᠤᠷᠤᠯᠭ᠎ᠠ ᠶᠢᠨ ᠮᠦᠷ ᠭᠡᠵᠤ ᠰᠠᠯᠤᠭ᠎ᠠ ᠦᠭᠡᠶ ᠪᠠᠢ᠌ᠭᠰᠠᠨ ᠪᠣᠯ ᠁ ᠦᠨᠡᠨ ᠳᠤ ᠪᠠᠨ ᠡᠨᠡ ᠪᠣᠯ ᠨᠠᠳᠠ ᠵᠢᠷᠭᠠᠯᠳᠠᠢ ᠰᠠᠢ᠌ᠬᠠᠨ ᠳᠤᠷᠠᠰᠤᠯ ᠪᠣᠯᠵᠤ ᠴᠢᠳᠠᠬᠤ ᠦᠭᠡᠶ ᠶᠤᠮ᠂ ᠣᠴᠢᠷ ᠨᠢ ᠶᠠᠭᠠᠭᠢᠴᠢᠬᠠᠯ᠎ᠠ ᠭᠡᠳ ᠳᠠᠷᠠ ᠨᠢ ᠵᠢᠷᠭᠠᠯᠳᠠᠢ ᠶᠠᠪᠣᠳᠠᠯ ᠪᠣᠯᠵᠤ ᠥᠩᠭᠡᠷᠡᠭ᠍ᠰᠡᠨ ᠦᠭᠡᠶ ᠶᠤᠮ ᠴᠢᠨᠢ ᠳ᠋ᠠ᠃

     ᠲᠦᠮᠦᠰᠦᠩᠬᠤᠸᠠᠷ ᠭᠡᠭᠦ ᠨᠠᠷ᠎ᠠ ᠡᠴᠠ ᠥᠭᠡᠷ᠎ᠡ ᠶᠠᠭᠤ ᠴᠤ ᠡᠷᠭᠢᠯᠳᠦᠭᠦ ᠪᠠᠨ ᠪᠠᠢ᠌ᠵᠤ᠂ ᠨᠢᠳᠤᠨ ᠳᠤ ᠰᠠᠭᠰᠤ ᠳᠤᠬᠣᠢ᠌ᠯᠠᠨ᠂ ᠣᠯᠠᠭᠠᠨ ᠬᠠᠠᠳᠠᠭᠠᠵᠠ ᠡᠮᠦᠰᠴᠤ᠂ ᠭᠡᠵᠢᠭᠡ ᠪᠠᠨ ᠴᠢᠭᠢᠨ ᠤ ᠠᠷᠤ ᠳᠤ ᠪᠠᠨ ᠭᠤᠬᠠᠳᠠᠨ ᠳᠠᠷᠤᠵᠤ᠂ ᠥᠵᠡᠰᠭᠦᠯᠡᠩ ᠪᠣᠯᠤᠭᠰᠠᠨ ᠰᠠᠢ᠌ᠬᠠᠨ ᠠᠯᠠᠭ ᠨᠢᠳᠤ ᠪᠠ ᠵᠢᠭ᠍ᠳᠡ ᠴᠠᠭᠠᠨ ᠰᠢᠳᠤ ᠪᠠᠷ ᠶᠢᠡᠨ ᠡᠷᠡᠴᠦᠦᠯ ᠤᠨ ᠠᠮᠢᠰᠢᠬᠤᠭ᠎ᠠ ᠶᠢ ᠳᠡᠭᠡᠷᠡᠳᠡᠭᠦᠯᠦᠭ᠍ᠰᠡᠨ ᠳᠠᠭᠢᠨᠢ ᠰᠢᠭ ᠳᠡᠭᠦᠨ ᠡᠴᠠ ᠥᠭᠡᠷ᠎ᠡ ᠵᠢᠰᠤ ᠥᠵᠡᠭ᠍ᠳᠡᠭᠦ ᠪᠠᠨ ᠪᠣᠯᠢᠵᠠᠢ᠃ ᠰᠠᠢ᠌ᠬᠠᠨ ᠵᠢᠰᠤ ᠭᠠᠯᠪᠢᠷ ᠢ ᠠᠪᠤᠨ ᠳᠦᠷᠦᠭ᠍ᠰᠡᠨ ᠡᠮᠡᠭ᠍ᠳᠡᠢ᠌ᠴᠦᠳ ᠪᠣᠯ ᠡᠨᠡ ᠶ‍ᠢᠷᠳᠢᠠᠴᠤ ᠳᠤ ᠭᠠᠪᠢᠶ᠎ᠠ ᠲᠡᠶ ᠭᠦᠮᠦᠰ ᠶᠤᠮ᠂ ᠣᠴᠢᠷ ᠨᠢ ᠳᠠᠳᠠ ᠡᠨᠡ ᠶ‍ᠢᠷᠳᠢᠠᠴᠤ ᠳᠤ ᠥᠩᠭᠡ ᠭᠡᠷᠡᠯ ᠨᠠᠮᠠᠵᠤ ᠭᠤᠸ᠎ᠠ ᠰᠠᠢ᠌ᠬᠠᠨ ᠤ ᠦᠨ᠎ᠡ ᠴᠠᠨ᠎ᠡ ᠳᠤ ᠥᠭᠡᠷ᠎ᠡ ᠨᠢᠭᠡ ᠢᠳᠠᠪᠭᠢ ᠣᠳᠬ᠎ᠠ ᠠᠭᠤᠯᠭ᠎ᠠ ᠶᠢ ᠠᠪᠴᠢᠷᠠᠵᠤ ᠦᠭ‍ᠭᠦᠭ᠍ᠰᠡᠨ ᠶᠤᠮ᠃

     ᠮᠠᠷᠭᠠᠰᠢ ᠦᠷᠯᠦᠭᠡ ᠬᠤᠷᠳᠤᠨ ᠪᠣᠯᠤᠭᠠᠰᠠᠢ᠂ ᠰᠥ᠋ ᠭᠦᠷᠭᠡᠭᠦ ᠴᠠᠭ ᠬᠤᠷᠳᠤᠨ ᠪᠣᠯᠤᠭᠠᠰᠠᠢ ᠭᠡᠵᠤ ᠵᠠᠯᠪᠢᠷᠠᠨ᠎ᠠ᠃

     ᠡᠭᠦᠳᠡᠨ ᠱᠠᠭᠠᠢ᠌ᠪᠴᠢ ᠪᠠᠷ ᠨᠢᠳᠤ ᠪᠠᠨ ᠴᠢᠯᠠᠳᠠᠯ᠎ᠠ ᠬᠠᠷᠠᠭᠰᠠᠭᠠᠷ ᠬᠠᠷᠠᠭᠰᠠᠭᠠᠷ ᠣᠯᠠᠭᠠᠨ ᠬᠠᠠᠳᠠᠭᠠᠵᠠ ᠡᠮᠦᠰᠦᠭ᠍ᠰᠡᠨ ᠲᠦᠮᠦᠰᠦᠩᠬᠤᠸᠠᠷ ᠤᠨ ᠢᠷᠡᠭᠦ ᠶᠢ ᠡᠴᠦᠰ ᠲᠤ ᠪᠠᠨ ᠣᠯᠤᠭᠠᠤᠨ ᠬᠠᠷᠠᠴᠢᠬᠠᠯ᠎ᠠ᠃ ᠬᠤᠷᠳᠤᠨ ᠢᠷᠡᠭᠡᠰᠡᠢ ᠭᠡᠵᠤ ᠶᠠᠭᠠᠷᠠᠵᠤ ᠪᠠᠢ᠌ᠭᠰᠠᠨ ᠶᠢᠡᠨ ᠣᠳᠤ ᠭᠡᠷᠭᠢᠭᠦ ᠪᠠᠨ ᠣᠯᠵᠤ ᠶᠠᠳᠠᠨ ᠵᠢᠷᠦᠭᠡ ᠳᠦᠭ᠍ᠰᠢᠨ᠎ᠡ᠃ ᠡᠭᠦᠳᠡ ᠪᠠᠨ ᠨᠡᠭᠡᠭᠡᠨ᠎ᠡ ᠦᠦ︖   ᠨᠡᠭᠡᠭᠡᠭᠦ ᠦᠭᠡᠶ ᠦᠦ︖ ᠡᠷᠡᠭᠡᠯᠵᠡᠨ ᠳᠠᠳᠠᠭᠠᠯᠵᠠᠨ ᠶᠠᠭᠠᠭᠢᠬᠤ ᠪᠠᠨ ᠣᠯᠬᠤ ᠦᠭᠡᠶ ᠠᠰᠠᠷ ᠤᠨ ᠬᠤᠩᠭᠢᠯ ᠢ ᠱᠠᠭᠠᠢ᠌ᠪᠴᠢᠯᠠᠨ ᠬᠠᠷᠠᠵᠤ ᠪᠠᠢ᠌ᠬᠤ ᠳ᠋ᠤ ᠲᠦᠮᠤᠰᠤᠩᠬᠤᠸᠠᠷ ᠴᠤ ᠪᠠᠰᠠ ᠶᠠᠭᠤ ᠨᠢᠭᠡ ᠶᠢ ᠭᠦᠰᠡᠭ᠍ᠰᠡᠨ ᠰᠢᠭ᠌ ᠮᠢᠨᠤ ᠡᠭᠦᠳᠡ ᠣᠷᠤᠭᠤ ᠬᠠᠷᠠᠵᠤ ᠬᠠᠷᠠᠵᠤ ᠪᠠᠢ᠌ᠭᠰᠠᠨ ᠶᠢᠡᠨ ᠭᠡᠷᠡᠮ ᠤᠨ ᠬᠠᠷᠴᠠᠭ ᠢ ᠳᠠᠳᠠᠯ᠎ᠠ᠃

     ᠬᠠᠷᠴᠠᠭ ᠨᠡᠭᠡᠭᠡᠭ᠍ᠳᠡᠭᠦ ᠶᠢᠨ ᠬᠤᠷᠤᠮ ᠳᠤ ᠮᠢᠨᠤ ᠡᠭᠦᠳᠡ ᠴᠤ ᠨᠡᠭᠡᠭᠡᠭ᠍ᠳᠡᠯ᠎ᠡ᠃

     ᠊᠊᠊᠊᠊᠊᠊᠊᠊᠊᠊᠊᠊᠊᠊   ᠵᠦᠳᠠᠷᠠᠯ᠎ᠠ᠂ ᠴᠢᠮ᠎ᠠ ᠪᠠᠷ ᠰᠥ᠋ ᠭᠦᠷᠭᠡᠯᠭᠡᠭᠡᠳ ᠳᠤᠳᠤᠷ᠎ᠠ ᠡᠪᠭᠦᠢᠷᠡᠭᠡᠳ ᠪᠠᠢ᠌ᠨ᠎ᠠ ᠭᠡᠵᠤ ᠪᠢ ᠰᠠᠠᠳᠤᠷᠤᠭᠰᠠᠨ ᠳᠤᠭᠳᠤᠯᠤᠭᠰᠠᠨ ᠶᠢᠡᠨ ᠠᠯᠢ ᠶᠢ ᠨᠢ ᠴᠤ ᠮᠡᠳᠡᠭ᠍ᠳᠡᠭᠦ ᠦᠭᠡᠶ ᠪᠠᠷ ᠵᠠᠰᠠᠨ ᠶᠠᠷᠢᠬᠤ ᠳᠤ᠄

     ᠊᠊᠊᠊᠊᠊᠊᠊᠊᠊᠊᠊᠊᠊᠊   ᠲ᠋ᠠᠷᠠ ᠶᠠᠮᠠᠷ ᠬᠠᠮᠢᠶ᠎ᠠ ᠪᠠᠢ᠌ᠬᠤ ᠪᠣᠢ︖ ᠡᠢ᠌ᠮᠤ ᠠᠵᠢᠯ ᠢ ᠭᠢᠭᠡᠳ ᠳᠠᠳᠴᠢᠬᠠᠭᠰᠠᠨ ᠶᠤᠮ ᠴᠢᠨᠢ᠂ ᠳᠡᠭᠡᠭᠡᠳ ᠴᠢ ᠡᠳᠦᠷᠵᠢᠨ ᠡᠢ᠌ᠮᠤ ᠡᠷᠳᠡ ᠪᠣᠰᠳᠠᠭ ᠦᠦ︖ ᠭᠡᠵᠤ ᠮᠢᠨᠤ ᠵᠥᠭ᠌ ᠢᠨᠢᠶᠡᠭᠦ ᠮᠠᠳᠤ ᠬᠠᠷᠠᠬᠤ ᠳᠤ᠄

     ᠊᠊᠊᠊᠊᠊᠊᠊᠊᠊᠊᠊᠊᠊᠊   ᠥᠭᠡᠢ᠂ ᠪᠢ ᠡᠷᠳᠡ ᠪᠣᠰᠳᠠᠭ ᠵᠠᠩᠰᠢᠯ ᠦᠭᠡᠶ᠂ ᠭᠡᠪᠠᠴᠤ ᠦᠨᠦᠳᠤᠷ ᠡᠴᠠ ᠪᠢ ᠡᠷᠳᠡ ᠪᠣᠰᠬᠤ ᠵᠠᠩᠰᠢᠯ ᠲᠡᠶ ᠪᠣᠯᠤᠶ᠎ᠠ ᠭᠡᠵᠤ ᠪᠣᠳᠤᠵᠤ ᠪᠠᠢ᠌ᠨ᠎ᠠ᠃

     ᠊᠊᠊᠊᠊᠊᠊᠊᠊᠊᠊᠊᠊᠊᠊   ᠡᠨᠡ ᠰᠥ᠋ ᠰᠠᠢ᠌ᠨ ᠰᠥ᠋ ᠰᠢᠤ᠂ ᠣᠳᠤ ᠪᠦᠭᠦ ᠣᠯᠤᠰ ᠶᠢᠡᠷ ᠶᠢᠡᠨ ᠰᠥ᠋ ᠣᠤᠭᠤᠬᠤ ᠡᠴᠠ ᠡᠮᠢᠶᠡᠵᠤ ᠪᠠᠢ᠌ᠨ᠎ᠠ ᠭᠡᠨ᠎ᠡ ᠦᠦ︖   ᠡᠨᠡ ᠬᠤᠶᠠᠷ ᠡᠳᠦᠷ ᠰᠥ᠋ ᠭᠦᠷᠭᠡᠯᠭᠡᠭᠦ ᠪᠠᠨ ᠵᠤᠭᠰᠤᠭᠠᠭᠰᠠᠨ ᠭᠦᠮᠤᠨ ᠨᠠᠯᠢᠶᠠᠤᠨ ᠪᠠᠢ᠌ᠨ᠎ᠠ᠂ ᠭᠡᠷᠪᠡ ᠴᠢ ᠪᠠᠰᠠ ᠳᠤᠷ᠎ᠠ ᠦᠭᠡᠶ ᠪᠣᠯ ᠪᠢ ᠮᠠᠷᠭᠠᠰᠢ ᠡᠴᠠ ᠭᠦᠷᠭᠡᠭᠦ ᠪᠠᠨ ᠪᠠᠢ᠌ᠴᠢᠬᠠᠶ᠎ᠠ︕ ᠭᠡᠵᠤ ᠲᠦᠪ ᠴᠢᠷᠠᠢ᠌ᠯᠠᠨ ᠭᠡᠯᠡᠨ᠎ᠡ᠃

     ᠊᠊᠊᠊᠊᠊᠊᠊᠊᠊᠊᠊᠊᠊᠊   ᠶᠠᠭᠤ ᠭᠡᠰᠡᠨ ᠥᠭᠡ ᠪᠣᠢ︖ ᠰᠥ᠋ ᠪᠦᠭᠦᠨ ᠳᠤ ᠶᠠᠮᠠᠷ ᠬᠤᠤᠷ ᠭᠢᠭ᠍ᠰᠡᠨ ᠪᠢᠰᠢ᠂ ᠴᠢ ᠵᠠᠪᠠᠯ ᠭᠦᠷᠭᠡᠵᠤ ᠪᠠᠢ ᠭᠡᠵᠤ ᠭᠡᠯᠡᠭᠦ ᠶᠢᠨ ᠶᠢᠡᠨ ᠳᠠᠭᠠᠤ ᠳᠡᠭᠦᠨ ᠤ ᠭᠠᠷ ᠲᠤ ᠪᠠᠨ ᠪᠠᠷᠢᠭᠰᠠᠨ ᠯᠤᠩᠬᠤ ᠲᠡᠶ ᠰᠦ᠋ ᠶᠢ ᠨᠢ ᠰᠤᠭᠤ ᠳᠠᠳᠠᠨ ᠠᠪᠣᠯ᠎ᠠ᠃

     ᠨᠢᠭᠡ ᠡᠳᠦᠷ ᠢᠩᠭᠢᠭᠡᠳ ᠯᠠ ᠡᠭᠢᠯᠡᠭᠰᠡᠨ ᠶᠤᠮ᠃ ᠣᠤᠯ ᠳᠤ ᠪᠠᠨ ᠪᠢ ᠰᠥ᠋ ᠣᠤᠭᠤᠬᠤ ᠪᠠᠷ ᠨᠢᠭᠡ ᠡᠳᠦᠷ ᠤᠨ ᠡᠭᠢᠯᠡᠯᠳᠡ ᠪᠣᠯᠭᠠᠵᠤ ᠪᠠᠢ᠌ᠭᠰᠠᠨ ᠪᠣᠯ ᠣᠳᠤ ᠲᠦᠮᠦᠰᠦᠩᠬᠤᠸᠠᠷ ᠲᠡᠶ ᠠᠭᠤᠯᠵᠠᠬᠤ ᠪᠠᠷ ᠨᠢᠭᠡ ᠡᠳᠦᠷ ᠤᠨ ᠶᠢᠡᠨ ᠡᠭᠢᠯᠡᠯᠳᠡ ᠪᠣᠯᠭᠠᠵᠤ ᠪᠣᠳᠤᠯᠭᠠᠨ ᠳᠤ ᠪᠠᠨ ᠪᠠᠶᠠᠷᠯᠠᠵᠤ ᠶᠠᠪᠣᠬᠤ ᠪᠣᠯᠤᠯ᠎ᠠ᠃

     ᠠᠵᠢᠯ ᠳᠤ ᠪᠠᠨ ᠭᠠᠷᠬᠤ ᠳᠤ ᠭᠠ᠊ ᠪᠠᠭᠰᠢ᠄

     ᠊᠊᠊᠊᠊᠊᠊᠊᠊᠊᠊᠊᠊᠊᠊   ᠭᠦᠢ︕ ᠴᠢ ᠪᠠᠰᠠ ᠰᠥ᠋ ᠣᠤᠭᠤᠭᠰᠠᠭᠠᠷ ᠦᠦ︖ ᠦᠴᠦᠭᠡᠳᠦᠷ ᠰᠦᠨᠢ ᠪᠢ ᠲᠦᠮᠦᠰᠦᠩᠬᠤᠸᠠᠷ ᠲᠤ ᠣᠳᠠᠰᠤ ᠠᠪᠣᠭᠠᠤᠨ ᠰᠥ᠋ ᠭᠦᠷᠭᠡᠯᠭᠡᠭᠦ ᠪᠠᠨ ᠵᠤᠭᠰᠤᠭᠠᠭᠰᠠᠨ ᠰᠢᠤ᠂ ᠣᠳᠤ ᠰᠥ᠋ ᠣᠤᠭᠤᠬᠤ ᠭᠦᠮᠤᠨ ᠦᠭᠡᠶ ᠪᠣᠯᠤᠭᠰᠠᠨ ᠰᠢᠤ ᠭᠡᠵᠤ ᠭᠡᠯᠡᠭ᠍ᠰᠡᠨ ᠶᠢᠡᠨ ᠴᠢᠬᠤᠯᠠᠴᠢᠯᠠᠨ ᠢᠳᠡᠭᠡᠭᠦᠯᠭᠦ ᠶᠢᠨ ᠲᠦᠯᠦᠭᠡ ᠨᠠᠮ᠎ᠠ ᠶᠢ ᠨᠢᠳᠤ ᠴᠠᠪᠴᠢᠯ ᠦᠭᠡᠶ ᠬᠠᠷᠠᠵᠤ ᠯᠠ ᠪᠠᠢ᠌ᠯ᠎ᠠ᠃

     ᠪᠢ ᠫᠦᠰ ᠭᠢᠳᠠᠯ᠎ᠠ ᠢᠨᠢᠶᠡᠭᠡᠳ᠄

     ᠊᠊᠊᠊᠊᠊᠊᠊᠊᠊᠊᠊᠊᠊᠊   ᠰᠦ᠋ ᠣᠤᠭᠤᠬᠤ ᠳᠤ ᠶᠠᠭᠠᠭᠢᠪᠠ︖ ᠭᠡᠨ ᠨᠢ ᠰᠦᠨ ᠳᠤ ᠪᠠᠨ ᠡᠮ ᠳᠠᠩ ᠬᠤᠯᠢᠭᠰᠠᠨ ᠴᠤ ᠲᠦᠮᠦᠰᠦᠩᠬᠤᠸᠠᠷ ᠯᠠᠪᠳᠠᠢ ᠳᠠᠢ᠌ᠮᠤ ᠭᠦᠮᠤᠨ ᠪᠢᠰᠢ ᠰᠢᠤ᠂ ᠰᠠᠨᠠᠭ᠎ᠠ ᠠᠮᠤᠷ ᠪᠠᠢ ᠭᠡᠵᠤ ᠢᠳᠡᠭᠡᠯ ᠲᠡᠶ ᠭᠡᠯᠡᠭᠦ ᠳᠤ᠄

     ᠊᠊᠊᠊᠊᠊᠊᠊᠊᠊᠊᠊᠊᠊᠊   ᠴᠢ ᠶᠠᠷᠤ ᠨᠢ ᠡᠮᠵᠡᠭ᠌ ᠰᠡᠳᠭᠢᠯ ᠲᠡᠶ ᠳᠤ ᠪᠠᠨ ᠭᠡᠮᠰᠢᠨ᠎ᠡ ᠭᠡᠵᠤ ᠮᠠᠳᠠ᠂ ᠪᠦᠭᠦ ᠣᠯᠤᠰ ᠶᠢᠡᠷ ᠶᠢᠡᠨ ᠥᠢᠮᠡᠭᠡᠨ ᠪᠣᠯᠵᠤ ᠪᠠᠢ᠌ᠬᠤ ᠳᠤ ᠴᠢ ᠮᠦᠨ ᠢᠳᠡᠭᠡᠭᠦ ᠦᠭᠡᠶ ᠪᠠᠢ᠌ᠵᠤ ᠭᠡᠷᠭᠢᠨ ᠪᠣᠯᠬᠤ ᠪᠣᠢ︖   ᠦᠨᠢᠶᠠᠨ ᠰᠦ᠋ ᠳᠤ ᠬᠤᠤᠷ ᠭᠢᠭᠦ ᠦᠭᠡᠶ ᠴᠤ ᠳᠤᠰ ᠪᠠᠶ᠎ᠠ ᠨᠢ ᠬᠤᠤᠷ ᠲᠡᠶ ᠪᠠᠢ᠌ᠵᠤ ᠮᠠᠳᠠᠨ᠎ᠡ ᠰᠢᠤ᠂ ᠥᠩᠭᠡᠷᠡᠭ᠍ᠰᠡᠨ ᠳᠤ ᠭᠦᠮᠦᠰ ᠬᠤᠤᠷ ᠢ ᠨᠢ ᠦᠵᠡᠵᠤ ᠭᠠᠷᠤᠭᠠᠳᠤᠢ ᠪᠠᠢ᠌ᠭᠰᠠᠨ ᠮᠠᠭᠠᠤᠨ ᠭᠡᠵᠤ ᠪᠠᠳᠤᠯᠠᠨ ᠶᠠᠷᠢᠭᠰᠠᠨ ᠵᠢᠠᠨ᠄

     ᠊᠊᠊᠊᠊᠊᠊᠊᠊᠊᠊᠊᠊᠊᠊   ᠴᠢ ᠡᠪᠭᠦᠢᠷᠡᠭᠡᠳ ᠪᠠᠢ᠌ᠪᠠᠯ ᠪᠢ ᠲᠦᠮᠦᠰᠦᠩᠬᠤᠸᠠᠷ ᠲᠤ ᠣᠳᠠᠰᠤᠳᠠᠭᠤᠳ ᠦᠭ‍ᠭᠦᠶ᠎ᠡ ᠭᠡᠳ ᠭᠠᠷ ᠣᠳᠠᠰᠤ ᠪᠠᠨ ᠭᠠᠷᠭᠠᠯ᠎ᠠ᠃

     ᠊᠊᠊᠊᠊᠊᠊᠊᠊᠊᠊᠊᠊᠊᠊   ᠪᠢ ᠶᠠᠮᠠᠷ ᠡᠪᠭᠦᠢᠷᠡᠭ᠍ᠰᠡᠨ ᠪᠢᠰᠢ᠂ ᠳᠠ ᠬᠠᠷᠢᠨ ᠮᠢᠨᠤ ᠲᠦᠯᠦᠭᠡ ᠭᠡᠳᠦᠷᠭᠡᠢ ᠵᠤᠪᠠᠭᠤᠷᠢᠰᠢᠶᠠᠭᠰᠠᠨ ᠭᠡᠷᠡᠭ᠌ ᠦᠭᠡᠶ ᠭᠡᠳ ᠳᠡᠭᠦᠨ ᠢ ᠣᠢ᠌ᠰᠢᠶᠠᠬᠤ ᠦᠭᠡᠶ ᠪᠣᠯᠤᠭᠰᠠᠨ ᠭᠡᠳᠡᠭ᠌ ᠶᠢᠡᠨ ᠮᠡᠳᠡᠭ᠍ᠳᠡᠭᠦ ᠶᠢᠨ ᠲᠦᠯᠦᠭᠡ ᠭᠢᠴᠢᠶᠠᠯ ᠤᠨ ᠳᠠᠪᠳᠠᠷ ᠶᠢᠡᠨ ᠣᠷᠪᠠᠭᠤᠯᠵᠤ ᠡᠭᠢᠯᠡᠭᠦᠯᠦᠯ᠎ᠡ᠃

     ᠭᠠ᠊ ᠪᠠᠭᠰᠢ ᠭᠡᠯᠡᠳᠡᠭ᠌ ᠶᠢᠡᠨ ᠭᠡᠯᠡᠵᠤ ᠯᠠ ᠪᠠᠢ᠌ᠭᠰᠠᠨ᠂ ᠭᠡᠪᠠᠴᠤ ᠪᠢ ᠨᠢᠭᠡ ᠴᠤ ᠳᠤᠤᠭᠠᠷᠤᠭᠰᠠᠨ ᠦᠭᠡᠶ ᠪᠣᠯᠬᠤᠷ ᠳᠠᠷᠠ ᠡᠴᠦᠰ ᠲᠤ ᠪᠠᠨ ᠭᠡᠯᠡᠭᠦ ᠪᠠᠨ ᠵᠤᠭᠰᠤᠪᠠ᠃

     ᠲᠦᠮᠦᠰᠦᠩᠬᠤᠸᠠᠷ ᠤᠨ ᠬᠡᠦᠬᠡᠳ ᠨᠠᠰᠤᠨ ᠤ ᠭᠤᠸᠠᠯᠢᠭ ᠴᠢᠷᠠᠢ ᠨᠢ ᠣᠳᠤ ᠢᠳᠠᠷ ᠤᠨ ᠴᠤᠭ ᠭᠢᠯᠠᠯᠵᠠᠭᠠᠤᠨ ᠶᠠᠭ ᠯᠠ ᠪᠣᠯᠪᠠᠰᠤᠷᠠᠭᠰᠠᠨ ᠠᠯᠮᠤᠷᠠᠤᠨ ᠰᠢᠭ ᠪᠣᠯᠵᠤ ᠬᠠᠢ᠌ᠷ᠎ᠠ ᠪᠠᠬ᠎ᠠ ᠶᠢ ᠣᠯᠠᠮ ᠳᠠᠳᠠᠬᠤ ᠪᠣᠯᠵᠠᠢ᠃ ᠭᠡᠷᠪᠡ ᠳᠡᠭᠦᠨ ᠤ ᠠᠮᠢᠳᠤᠷᠠᠯ ᠤᠨ ᠳᠤᠬᠠᠢ ᠶᠠᠷᠢᠯᠴᠠᠬᠤ ᠶᠤᠮ ᠪᠣᠯ ᠪᠢ ᠨᠢᠭᠡ ᠪᠦᠳᠤᠨ ᠡᠳᠦᠷ ᠵᠤᠭᠤᠭᠳᠠᠬᠤ ᠳᠤ ᠬᠠᠰᠢᠷᠠᠬᠤ ᠦᠭᠡᠶ ᠶᠤᠮ᠂ ᠭᠡᠪᠠᠴᠤ ᠭᠠ᠊ ᠪᠠᠭᠰᠢ ᠶᠢᠨ ᠥᠭᠡᠷ᠎ᠡ ᠰᠠᠯᠠᠭ᠎ᠠ ᠭᠠᠷᠭᠠᠵᠤ ᠵᠤᠭᠰᠤᠰᠢ ᠦᠭᠡᠶ ᠣᠯᠠᠨ ᠰᠤᠯᠠ ᠥᠯᠢᠭᠡᠷ ᠶᠠᠷᠢᠬᠤ ᠡᠴᠠ ᠡᠮᠢᠶᠡᠵᠤ ᠳᠡᠭᠦᠨ ᠲᠡᠶ ᠵᠤᠭᠤᠭᠳᠠᠬᠤ ᠪᠠᠨ ᠵᠤᠭᠰᠤᠪᠠ᠃

     ᠮᠠᠷᠭᠠᠰᠢ ᠦᠷᠯᠦᠭᠡ ᠨᠢ ᠪᠢ ᠮᠦᠨ ᠡᠷᠳᠡᠯᠡᠨ ᠪᠣᠰᠴᠤ ᠱᠠᠭᠠᠢ᠌ᠪᠴᠢ ᠪᠠᠷ ᠬᠠᠷᠠᠵᠤ ᠵᠤᠭᠰᠤᠯ᠎ᠠ᠃ ᠲᠦᠮᠦᠰᠦᠩᠬᠤᠸᠠᠷ ᠮᠢᠨᠢ᠂ ᠪᠢ ᠴᠢᠮ᠎ᠠ ᠶᠢ ᠪᠠᠨ ᠬᠠᠷᠠᠬᠤ ᠶᠢᠨ ᠲᠦᠯᠦᠭᠡ ᠨᠣᠢ᠌ᠷ ᠦᠭᠡᠶ ᠪᠣᠯᠵᠤ ᠭᠡᠶ‍ᠦᠷᠡᠨ ᠭᠡᠢ᠌ᠳᠦᠭ᠍ᠰᠡᠨ ᠭᠦᠭᠡᠷᠦᠭᠦᠢ ᠴᠠᠭᠠᠨ ᠰᠡᠳᠭᠢᠯ ᠢ ᠮᠢᠨᠢ ᠴᠢ ᠮᠠᠳᠠᠵᠤ ᠪᠠᠢ᠌ᠨ᠎ᠠ ᠦᠦ︖ ᠭᠦᠮᠤᠨ ᠤ ᠡᠭᠡᠨᠡᠭ᠌ ᠬᠡᠦᠬᠡᠳ ᠤᠨ ᠡᠵᠢ ᠪᠣᠯᠤᠭᠰᠠᠨ ᠴᠢᠮ᠎ᠠ ᠶᠢ ᠪᠠᠨ ᠡᠳᠦᠷᠵᠢᠨ ᠰᠠᠨᠠᠨ᠎ᠠ ᠭᠡᠳᠡᠭ᠌ ᠥᠨᠡᠭᠡᠷ ᠢᠨᠢᠶᠠᠳᠤᠮ ᠲᠡᠶ ᠣᠴᠢᠷ ᠪᠢᠰᠢ ᠦᠦ︖ ᠴᠢᠮ᠎ᠠ ᠶᠢ ᠪᠢ ᠬᠠᠷᠠᠴᠢᠬᠠᠯ᠎ᠠ ᠭᠡᠳ ᠶᠠᠮᠠᠷ ᠯᠠ ᠶᠠᠭᠤᠮ᠎ᠠ ᠣᠯᠬᠤ ᠪᠢᠰᠢ᠂ ᠭᠡᠪᠠᠴᠤ ᠪᠢ ᠴᠢᠮ᠎ᠠ ᠶᠢ ᠣᠯᠵᠤ ᠬᠠᠷᠠᠭᠠᠰᠠᠢ ᠭᠡᠵᠤ ᠯᠠ ᠰᠠᠨᠠᠨ᠎ᠠ᠃

ᠬᠠᠷᠠᠯ᠎ᠠ᠂ ᠴᠢᠩᠨᠠᠯ᠎ᠠ᠂ ᠴᠢᠮᠡᠭᠡ ᠦᠭᠡᠶ᠂ ᠪᠠᠷ᠎ᠠ ᠦᠭᠡᠶ᠃ ᠬᠠᠷᠠᠭᠰᠠᠭᠠᠷ᠂ ᠴᠢᠩᠨᠠᠭᠰᠠᠭᠠᠷ᠃ ᠮᠦᠨ ᠯᠠ ᠠᠨᠢᠷ ᠳᠠᠰᠤ᠃ ᠭᠠᠢ᠌ᠬᠠᠬᠤ᠂ ᠭᠦᠰᠡᠷᠳᠡᠭᠦ ᠰᠡᠳᠭᠢᠯ ᠣᠯᠠᠮ ᠣᠯᠠᠮ ᠨᠡᠮᠡᠭ᠍ᠳᠡᠭᠡᠳ ᠢᠷᠠᠯ᠎ᠠ᠃ ᠪᠠᠷᠤᠭ ᠴᠠᠭ ᠭᠠᠷᠤᠢ ᠱᠠᠭᠠᠢ᠌ᠭᠰᠠᠨ ᠪᠣᠯᠪᠠᠴᠤ ᠳᠠᠷᠠ ᠮᠦᠨ ᠢᠷᠡᠭᠡ ᠦᠭᠡᠶ᠃

7 ᠴᠠᠭ ᠭᠠᠷᠤᠢ ᠪᠤᠯᠳᠠᠯ᠎ᠠ ᠭᠦᠯᠢᠶᠡᠭ᠍ᠰᠡᠨ ᠪᠣᠯᠪᠠᠴᠤ ᠴᠢᠮᠡᠭᠡ ᠦᠭᠡᠶ ᠪᠣᠯᠬᠤᠷ ᠵᠤᠷᠢᠭ ᠠᠯᠳᠠᠷᠠᠪᠠ᠃ ᠪᠠᠷᠤᠭ ᠶᠠᠮᠠᠷ ᠨᠢᠭᠡᠨ ᠣᠴᠢᠷ ᠶᠠᠪᠣᠳᠠᠯ ᠲᠤᠬᠢᠶᠠᠯᠳᠤᠯ᠎ᠠ ᠪᠢᠵᠠ︖ ᠭᠡᠵᠤ ᠪᠣᠳᠤᠭᠠᠤᠨ ᠰᠦ᠋ ᠦᠭᠡᠶ ᠬᠤᠭᠤᠯᠠ ᠪᠠᠷ ᠶᠢᠡᠨ ᠭᠡᠳᠡᠰᠤ ᠪᠠᠨ ᠳᠦᠭᠦᠷᠭᠡᠳ ᠰᠤᠷᠭᠠᠭᠤᠯᠢ ᠳᠤ ᠪᠠᠨ ᠶᠠᠪᠣᠯ᠎ᠠ᠃

     ᠭᠠ᠊ ᠪᠠᠭᠰᠢ ᠣᠤᠯ ᠶᠤᠰᠤᠭᠠᠷ ᠶᠢᠡᠨ ᠴᠠᠢ ᠶᠢ ᠮᠢᠨᠢ ᠴᠢ᠌ᠯᠡᠭᠡᠳ ᠳᠠᠯᠪᠢᠴᠢᠬᠠᠭᠰᠠᠨ ᠰᠠᠭᠤᠨ᠎ᠠ᠃

     ᠊᠊᠊᠊᠊᠊᠊᠊᠊᠊᠊᠊᠊᠊᠊ ᠲᠦᠮᠦᠰᠦᠩᠬᠤᠸᠠᠷ ᠦᠨᠦ ᠦᠷᠯᠦᠭᠡ ᠰᠥ᠋ ᠭᠦᠷᠭᠡᠭ᠍ᠰᠡᠨ ᠦᠭᠡᠶ ᠰᠢᠤ᠂ ᠶᠠᠮᠠᠷ ᠣᠴᠢᠷ ᠡᠴᠠ ᠪᠣᠯᠤᠭᠰᠠᠨ ᠢ ᠮᠡᠳᠡᠭᠦ ᠦᠭᠡᠶ ᠭᠡᠵᠤ ᠥᠭᠡ ᠡᠭᠦᠰᠭᠡᠭᠦ ᠳᠤ ᠮᠠᠨ ᠤ ᠭᠦᠮᠤᠨ᠄

     ᠊᠊᠊᠊᠊᠊᠊᠊᠊᠊᠊᠊᠊᠊᠊   ᠣᠤ ᠳᠠᠢ᠌ᠮᠤ ᠦᠦ︖ ᠭᠦᠷᠭᠡᠭᠦ ᠦᠭᠡᠶ ᠨᠢ ᠳᠠᠭᠠᠷᠠᠨ᠎ᠠ ᠭᠡᠵᠤ ᠠᠵᠢᠭ ᠦᠭᠡᠶ ᠬᠠᠷᠢᠭᠤᠯᠤᠨ᠎ᠠ᠃

     ᠊᠊᠊᠊᠊᠊᠊᠊᠊᠊᠊᠊᠊᠊᠊   ᠶᠠᠭᠤ ᠭᠡᠵᠤ︖   ᠭᠡᠵᠤ ᠭᠠᠢ᠌ᠬᠠᠨ ᠠᠰᠠᠭᠤᠪᠠᠯ᠄

     ᠊᠊᠊᠊᠊᠊᠊᠊᠊᠊᠊᠊᠊᠊᠊   ᠪᠦᠭᠦ ᠣᠯᠤᠰ ᠶᠢᠡᠷ ᠶᠢᠡᠨ ᠥᠢᠮᠡᠭᠡᠨ ᠪᠣᠯᠵᠤ ᠪᠠᠢ᠌ᠬᠤ ᠳᠤ ᠳᠠᠷᠠ ᠶᠠᠮᠠᠷ ᠳᠡᠨᠡᠭ᠌ ᠭᠦᠮᠤᠨ ᠦᠦ︖

     ᠊᠊᠊᠊᠊᠊᠊᠊᠊᠊᠊᠊᠊᠊᠊   ᠲ᠋ᠠᠷᠠ ᠥᠢᠮᠡᠭᠡᠨ ᠨᠢ ᠳᠡᠭᠦᠨ ᠳᠤ ᠶᠠᠮᠠᠷ ᠬᠠᠮᠢᠶ᠎ᠠ ᠲᠡᠶ ᠪᠣᠢ︖ ᠳᠠᠷᠠ ᠡᠨᠡ ᠦᠷᠯᠦᠭᠡ ᠯᠠᠪ ᠥᠭᠡᠷ᠎ᠡ ᠣᠴᠢᠷ ᠲᠡᠶ ᠪᠣᠯᠤᠭᠠᠤᠨ ᠭᠦᠷᠭᠡᠵᠤ ᠠᠮᠵᠢᠭᠰᠠᠨ ᠦᠭᠡᠶ ᠮᠠᠭᠠᠤᠨ᠃

     ᠊᠊᠊᠊᠊᠊᠊᠊᠊᠊᠊᠊᠊᠊᠊   ᠭᠡᠩ︕ ᠭᠡᠴᠢᠭᠡᠳ ᠶᠠᠭᠤ ᠴᠤ ᠪᠣᠯᠤᠭ᠎ᠠ ᠮᠠᠳᠤ ᠴᠢᠷᠠᠢ᠌ᠯᠠᠨ ᠭᠢᠴᠢᠶᠠᠯ ᠶᠢᠡᠨ ᠪᠡᠯᠡᠳᠭᠡᠨ᠎ᠡ᠃   ᠡᠭᠢᠯᠡᠭ᠍ᠰᠡᠨ ᠵᠤᠭᠤᠭ ᠢ ᠣᠷᠢᠳᠠᠪᠠᠷ ᠵᠤᠭᠰᠤᠭᠠᠨ᠎ᠠ ᠭᠡᠳᠡᠭ᠌ ᠭᠠ᠊ ᠪᠠᠭᠰᠢ ᠳᠤ ᠠᠩᠬ᠎ᠠ ᠭᠠᠷᠴᠤ ᠪᠠᠢ᠌ᠭ᠎ᠠ ᠣᠴᠢᠷ ᠪᠠᠢ᠌ᠬ᠎ᠠ︖

     ᠭᠠ᠊ ᠪᠠᠭᠰᠢ ᠶᠢ ᠭᠢᠴᠢᠶᠠᠯ ᠣᠷᠤᠬᠤ ᠪᠠᠷ ᠶᠠᠪᠣᠭᠰᠠᠨ ᠬᠣᠢ᠌ᠨ᠎ᠠ ᠰᠠ‍‌ᠶᠢ ᠲᠦᠮᠦᠰᠦᠩᠬᠤᠸᠠᠷ ᠲᠤ ᠣᠳᠠᠰᠤᠳᠠᠬᠤ ᠪᠠᠨ ᠰᠠᠨᠠᠭᠠᠨ ᠳᠤ ᠣᠷᠤᠵᠤ ᠣᠳᠠᠰᠤ ᠶᠢ ᠳᠠᠷᠤᠯ᠎ᠠ᠃ ᠣᠳᠠᠰᠤᠨ ᠨᠤᠮᠸᠷ ᠢ ᠨᠢ ᠭᠡᠳᠥᠢᠨ ᠰᠢᠩᠭᠡᠭᠡᠭᠡᠳ ᠳᠠᠯᠪᠢᠴᠢᠬᠠᠭᠰᠠᠨ ᠪᠣᠯᠬᠤᠷ ᠡᠨᠡ ᠳᠠᠯ᠎ᠠ ᠪᠠᠷ ᠵᠤᠪᠠᠭᠰᠠᠨ ᠦᠭᠡᠶ᠃

     ᠣᠴᠢᠷ ᠢ ᠠᠰᠠᠭᠤᠪᠠᠯ ᠲᠦᠮᠦᠰᠦᠩᠬᠤᠸᠠᠷ ᠤᠨ ᠬᠠᠷᠢᠭᠤᠯᠳᠠ ᠨᠢ ᠨᠠᠮ᠎ᠠ ᠶᠢ ᠳᠠᠯᠪᠠ ᠠᠭᠤᠷᠯᠠᠭᠤᠯᠪᠠ᠃

     ᠊᠊᠊᠊᠊᠊᠊᠊᠊᠊᠊᠊᠊᠊᠊   ᠭᠠ᠊ ᠪᠠᠭᠰᠢ ᠦᠴᠦᠭᠡᠳᠦᠷ ᠰᠦᠨᠢ ᠣᠳᠠᠰᠤ ᠢᠷᠡᠭᠡᠳ ᠴᠢᠮ᠎ᠠ ᠳᠤ ᠰᠥ᠋ ᠭᠦᠷᠭᠡᠭᠦ ᠪᠠᠨ ᠪᠠᠢ ᠭᠡᠰᠡᠨ ᠰᠢᠤ᠂ ᠳᠠᠷᠠ ᠮᠢᠨᠤ ᠥᠭᠡ ᠶᠢ ᠳᠠᠮᠵᠢᠭᠤᠯᠤᠯ᠎ᠠ ᠭᠡᠵᠤ ᠪᠠᠢ᠌ᠭᠰᠠᠨ᠃

     ᠊᠊᠊᠊᠊᠊᠊᠊᠊᠊᠊᠊᠊᠊᠊   ᠶᠠᠭᠤ ᠭᠡᠨ᠎ᠡ︖   ᠭᠠ᠊ ᠪᠠᠭᠰᠢ ᠭᠡᠯᠡᠭ᠍ᠰᠡᠨ ᠭᠡᠨ᠎ᠡ︖ ᠳᠠᠷᠠ ᠶᠠᠭᠤᠨ ᠳᠤ᠁ ᠪᠣᠯᠵᠠᠢ᠂ ᠪᠣᠯᠵᠠᠢ ᠳᠡᠭᠦᠨ ᠤ ᠶᠠᠷᠢᠬᠤ ᠶᠢ ᠬᠠᠮᠢᠶᠠᠷᠬᠤ ᠭᠡᠷᠡᠭ᠌ ᠦᠭᠡᠶ᠂ ᠮᠠᠷᠭᠠᠰᠢ ᠡᠴᠠ ᠵᠠᠪᠠᠯ ᠭᠦᠷᠭᠡᠭᠡᠷᠡᠢ᠃

     ᠊᠊᠊᠊᠊᠊᠊᠊᠊᠊᠊᠊᠊᠊᠊   ᠬᠠᠰᠢᠯᠠ ᠪᠠᠢ᠌ᠴᠢᠬ᠎ᠠ᠂ ᠰᠥ᠋ ᠠᠪᠬᠤ ᠭᠦᠮᠤᠨ ᠥᠨᠡᠭᠡᠷ ᠴᠥᠭᠡᠨ ᠭᠡᠳᠦᠭᠡᠨ ᠪᠣᠯᠤᠭᠰᠠᠨ ᠰᠢᠤ᠂   ᠭᠢᠴᠢᠶᠡᠭ᠍ᠰᠡᠨ ᠨᠢ ᠳᠡᠭᠡᠷ᠎ᠡ ᠡ᠃

     ᠊᠊᠊᠊᠊᠊᠊᠊᠊᠊᠊᠊᠊᠊᠊   ᠪᠣᠯᠬᠤ ᠦᠭᠡᠶ ᠴᠢ ᠵᠠᠪᠠᠯ ᠭᠦᠷᠭᠡᠭᠦ ᠭᠡᠷᠡᠭ᠍ᠳᠡᠢ᠂ ᠪᠢ ᠬᠠᠷᠢᠨ ᠳᠠᠢ᠌ᠮᠤ ᠰᠡᠵᠢᠭ᠌ ᠶᠡᠭᠡᠳᠡᠢ ᠭᠦᠮᠤᠨ ᠪᠢᠰᠢ᠂ ᠰᠥ᠋ ᠡᠴᠠ ᠶ‍ᠠᠭᠤᠨ ᠳᠤ ᠠᠶᠤᠬᠤ ᠪᠣᠢ︖ ᠨᠠᠩ ᠢᠯᠠᠩᠭ᠋ᠤᠶ᠎ᠠ ᠴᠢᠨᠤ ᠭᠦᠷᠭᠡᠭᠦ ᠰᠦ᠋ ᠶᠢ ᠰᠡᠵᠢᠭᠯᠡᠭᠦ ᠳᠤ ᠭᠦᠷᠪᠠᠯ ᠡᠨᠡ ᠳᠡᠯᠡᠭᠡᠢ ᠁

     ᠊᠊᠊᠊᠊᠊᠊᠊᠊᠊᠊᠊᠊᠊᠊   ᠬᠠᠰᠢᠯᠠ ᠪᠠᠢ᠌ᠴᠢᠬᠠᠶ᠎ᠠ᠂ ᠥᠢᠮᠡᠭᠡᠨ ᠳᠠᠪᠵᠢᠶᠠᠨ ᠨᠠᠮᠳᠠᠭᠰᠠᠨ ᠬᠣᠢ᠌ᠨ᠎ᠠ ᠳᠠᠭᠢᠨ ᠭᠦᠷᠭᠡᠶ᠎ᠡ ᠭᠡᠳ ᠶᠠᠭᠠᠭᠢᠵᠤ ᠭᠤᠶᠤᠭᠰᠠᠨ ᠴᠤ ᠳᠤᠰᠠ ᠪᠣᠯᠤᠭᠰᠠᠨ ᠦᠭᠡᠶ ᠣᠳᠠᠰᠤ ᠪᠠᠨ ᠬᠠᠭᠠᠭᠠᠯ᠎ᠠ᠃

     ᠭᠠ᠊ ᠪᠠᠭᠰᠢ ᠶᠢᠨ ᠰᠠᠢ᠌ᠨ ᠰᠡᠳᠭᠢᠯ ᠳᠤ ᠬᠤᠷᠤᠰᠬᠤ ᠶᠤᠮ᠂ ᠮᠢᠨᠤ ᠵᠦᠪᠰᠢᠶᠠᠷᠡᠯ ᠦᠭᠡᠶ ᠪᠠᠷ ᠶᠠᠭᠤᠨ ᠳᠤ ᠢᠩᠭᠢᠵᠤ ᠳᠤᠷ᠎ᠠ ᠮᠠᠳᠠᠨ ᠦᠷᠯᠦᠭᠡ ᠪᠦᠷᠢ ᠶᠢᠨ ᠮᠢᠨᠢ ᠰᠠᠢ᠌ᠬᠠᠨ ᠣᠴᠠᠷᠠᠯ ᠢ ᠳᠠᠰᠤᠯᠬᠤ ᠪᠢᠯᠠ︖ ᠭᠡᠵᠤ ᠨᠢᠳᠤᠷᠭ᠎ᠠ ᠪᠠᠨ ᠵᠠᠩᠭᠢᠳᠤᠯ᠎ᠠ᠃ ᠭᠡᠪᠠᠴᠤ ᠳᠡᠭᠦᠨ ᠤ ᠭᠦᠭᠡᠷᠦᠭᠦᠢ ᠰᠠᠢ᠌ᠨ ᠰᠡᠳᠭᠢᠯ ᠶᠢᠡᠨ ᠪᠠᠷᠢᠭᠠᠤᠨ ᠭᠡᠵᠢᠶᠡᠳᠡ ᠪᠣᠷᠤᠭᠤᠳᠠᠭᠠᠤᠨ ᠪᠠᠢ᠌ᠬᠤ ᠨᠢ ᠦᠷᠤᠪᠳᠤᠯᠳᠠᠢ᠂ ᠠᠭᠤᠴᠢᠯᠠᠭᠤᠰᠢᠳᠠᠢ ᠭᠡᠮᠡᠷ ᠪᠣᠳᠤᠭᠳᠠᠭᠤᠳ᠂ ᠭᠢᠴᠢᠶᠠᠯ ᠡᠴᠠ ᠪᠠᠭᠤᠭᠰᠠᠨ ᠳᠡᠭᠦᠨ ᠳᠤ ᠶᠠᠭᠤ ᠴᠤ ᠦᠯᠦ ᠮᠡᠳᠡᠭ᠍ᠳᠡᠪᠡ᠃

     ᠮᠠᠷᠭᠠᠰᠢ ᠨᠢ ᠡᠷᠳᠡᠯᠡᠨ ᠪᠣᠰᠬᠤ ᠰᠢᠯᠳᠠᠭ ᠦᠭᠡᠶ ᠪᠣᠯᠤᠭᠰᠠᠨ ᠪᠣᠯᠬᠤᠷ ᠬᠠᠠᠳᠠᠯ᠎ᠠ ᠣᠠᠳᠠᠭᠠᠤᠨ ᠵᠠᠯᠬᠠᠭᠤᠳᠠᠢ᠌ᠬᠠᠨ ᠪᠣᠰᠴᠤ ᠶᠠᠭᠤ ᠨᠢᠭᠡ ᠶᠢ ᠭᠦᠰᠡᠭ᠍ᠰᠡᠨ ᠴᠤ ᠶᠤᠮ ᠰᠢᠭ᠌᠂ ᠮᠦᠨ ᠪᠠᠰᠠ ᠶᠠᠭᠤ ᠨᠢᠭᠡ ᠶᠢ ᠰᠤᠪᠢᠵᠤ ᠮᠡᠳᠡᠭ᠍ᠰᠡᠨ ᠮᠠᠳᠤ ᠪᠣᠯᠤᠭᠠᠤᠨ ᠡᠭᠦᠳᠡ ᠪᠠᠨ ᠨᠡᠭᠡᠭᠡᠵᠤ ᠦᠵᠡᠪᠠ᠃

     ᠦᠵᠡᠰᠠ᠂ ᠥᠨᠡᠭᠡᠷ ᠨᠢᠭᠡ ᠳᠤᠮᠤ ᠰᠦᠯᠢᠶᠤᠤ ᠲᠦᠩᠰᠠ ᠳᠦᠭᠦᠷᠡᠩ ᠰᠥ᠋ ᠡᠭᠦᠳᠡᠨ ᠤ ᠬᠠᠵᠠᠭᠤᠳᠠ ᠨᠠᠮ᠎ᠠ ᠶᠢ ᠢᠳᠡᠭᠡᠯᠳᠡᠢ᠌ᠭᠡᠨ ᠭᠦᠯᠢᠶᠡᠵᠤ ᠪᠠᠢ᠌ᠯ᠎ᠠ᠃ ᠡᠨᠡ ᠯᠠᠪ ᠲᠦᠮᠦᠰᠦᠩᠬᠤᠸᠠᠷ ᠤᠨ ᠭᠦᠷᠭᠡᠵᠤ ᠦᠭ‍ᠭᠦᠭ᠍ᠰᠡᠨ ᠰᠥ᠋ ᠭᠡᠵᠤ ᠪᠣᠳᠤᠩᠭ᠋ᠤᠳᠠ ᠬᠠᠭᠠᠵᠤ ᠪᠠᠢ᠌ᠭᠰᠠᠨ ᠣᠳᠠᠰᠤ ᠪᠠᠨ ᠨᠡᠭᠡᠭᠡᠯ᠎ᠡ᠂ ᠨᠡᠭᠡᠭᠡᠳᠡᠯ᠎ᠡ ᠨᠢᠭᠡ ᠴᠠᠭᠢᠯ ᠮᠡᠳᠡᠭᠡ ᠣᠷᠤᠵᠤ ᠢᠷᠠᠪᠠ᠄

     ᠦᠷᠯᠦᠭᠡ ᠰᠠᠢ᠌ᠨ ᠦᠦ︖ ᠡᠭᠦᠳᠡᠨ ᠭᠠᠳᠠᠨ᠎ᠠ ᠴᠢᠨᠢ ᠰᠥ᠋ ᠠᠪᠴᠢᠷᠠᠵᠤ ᠥᠭ᠍ᠪᠡ᠂ ᠭᠦᠯᠳᠡᠭᠡᠭᠦᠷ ᠲᠤ ᠪᠠᠨ ᠬᠠᠳᠠᠭᠠᠯᠠᠵᠤ  ᠪᠠᠢ᠌ᠭᠠᠤᠨ ᠢᠳᠡᠭᠡᠷᠡᠢ᠂ ᠰᠦᠨ ᠴᠠᠭᠠᠨ ᠢᠳᠡᠭᠡᠯ ᠳᠤ ᠴᠢᠨᠢ ᠳᠠᠯᠠᠷᠬᠠᠵᠤ ᠪᠠᠢ᠌ᠨ᠎ᠠ︕

     ᠲᠦᠮᠦᠰᠦᠩᠬᠤᠸᠠᠷ ᠡᠴᠠ ᠢᠷᠡᠭᠦᠯᠦᠭ᠍ᠰᠡᠨ ᠴᠠᠭᠢᠯ ᠮᠡᠳᠡᠭᠡ ᠪᠠᠢ᠌ᠵᠠᠢ᠃ ᠳᠡᠭᠦᠨ ᠤ ᠢᠳᠡᠭᠡᠯ ᠳᠤ ᠪᠢ ᠨᠠᠩ ᠢᠯᠡᠭᠦᠤ ᠳᠤᠭᠳᠤᠯᠪᠠ᠃


ᠵᠤᠬᠢᠶᠠᠭᠴᠢ ᠶᠢᠨ ᠬᠠ‍‌ᠶᠢᠭ ᠄ ᠵᠠᠯᠠᠢ᠌ᠳ ᠬᠤᠰᠢᠭᠤ

ᠵᠤᠬᠢᠶᠠᠭᠴᠢ᠄ ᠭᠦᠢᠳᠡᠡᠪᠤᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9242
ᠴᠠᠭ᠄ 2011 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ