☆ ᠨ·ᠴᠡᠯᠡᠭᠡᠷ
ᠡᠭᠦᠯᠡ
ᠴᠡᠴᠡᠭ᠌ ᠡᠴᠡ ᠪᠤᠯᠪᠠᠷᠡᠢ
ᠰᠢᠭᠦᠳᠡᠷᠢ ᠡᠴᠡ ᠭᠦᠩᠭᠡᠭᠡᠨ ᠡᠭᠦᠯᠡ
ᠴᠡᠩᠭᠡᠷ ᠡᠡᠭᠠᠷ ᠲ᠋ᠤ
ᠡᠭᠦᠷᠳᠡᠢ ᠶᠦᠮᠰᠢᠭ᠌ ᠲ᠋ᠤᠭᠳᠠᠨᠠ᠃
ᠥᠵᠡᠭ᠍ᠳᠡᠭᠦ ᠲ᠋ᠡᠭ᠍ᠷᠢ ᠳᠤ
ᠦᠶᠡᠯᠵᠠᠨ ᠨᠠᠮᠢᠷᠠᠨ
ᠠᠭᠤᠯᠠᠨ ᠣᠷᠤᠢ ᠪᠠᠷ
ᠵᠢᠭᠦᠷᠳᠡᠢ ᠶᠦᠮᠰᠢᠭ᠌ ᠲ᠋ᠡᠭᠦᠯᠢᠨᠡ᠃
ᠥᠯᠢᠶᠡᠭᠦ ᠰᠡᠯᠭᠢᠨ ᠳᠤ
ᠥᠷᠭᠦᠨ ᠨᠠᠳᠬᠤᠨ
ᠲ᠋ᠡᠯᠡ ᠭᠦᠡᠳᠡᠢ ᠶᠢ
ᠲ᠋ᠤᠭᠤᠷᠠᠢ᠌ᠳᠠᠢ ᠶᠤᠮᠰᠢᠭ ᠲ᠋ᠤᠭᠤᠯᠤᠨᠠ᠃
ᠥᠷᠪᠢᠰᠭᠦ ᠡᠡᠶᠦᠩᠭ᠋ᠡᠨ ᠡᠴᠡ
ᠥᠭᠦᠨ ᠵᠢᠭᠤᠳᠠᠭᠠᠳ
ᠡᠳᠦᠷ ᠤᠨ ᠨᠡᠷᠠ ᠶᠢ
ᠠᠭᠤᠷᠳᠡᠢ ᠶᠤᠮᠰᠢᠭ ᠪᠦᠷᠭᠦᠨᠡ᠃
ᠲ᠋ᠠᠨᠤᠮᠠᠯ ᠵᠠᠶᠠᠭᠠᠨ ᠳᠠᠭᠠᠨ ᠣᠢ᠌ᠰᠤᠨ ᠪᠣᠳᠤᠯᠢᠨᠠ᠃
ᠲ᠋ᠡᠰᠭᠡᠯ ᠥᠭᠡᠢ ᠬᠤᠷᠠᠨ ᠴᠤᠭᠯᠠᠷᠠᠨ ᠪᠤᠳᠠᠷᠠᠨᠠ᠃
ᠲ᠋ᠡᠭ᠍ᠷᠢ ᠲ᠋ᠡᠭᠡᠷᠡ ᠤᠨᠳᠠᠷᠠᠭᠰᠠᠨ ᠡᠭᠦᠯᠡ
ᠭᠠᠵᠠᠷ ᠲ᠋ᠡᠭᠡᠷᠡ ᠤᠷᠭᠤᠬᠤ ᠶᠢ ᠭᠦᠰᠡᠨᠡ᠃
ᠤᠶᠡᠷᠡᠯ ᠡᠴᠡ ᠭᠦᠡᠳᠤ ᠤᠬᠢᠯᠡᠨ
ᠦᠷᠡ ᠵᠢᠮᠢᠰ ᠤᠨ ᠦᠨᠳᠦᠰᠦᠨ ᠳᠤ ᠰᠢᠮᠠᠳᠤᠨᠠ᠃
ᠥᠷᠡᠭ᠍ᠳᠡᠯ ᠪᠤᠯᠤᠭᠰᠠᠨ
ᠥᠨᠦᠴᠢᠨ ᠡᠭᠦᠯᠡ
ᠤᠭᠳᠤ ᠪᠠᠢ᠌ᠭᠰᠡᠨ ᠥᠭᠡᠢ ᠶᠤᠮᠰᠢᠭ
ᠪᠠᠢ᠌ᠭᠰᠡᠨ ᠭᠤᠨᠢᠭ ᠶᠢᠠᠨ ᠲ᠋ᠡᠭᠡᠭᠡᠨ
ᠣᠷᠭᠤᠮᠠᠯ ᠤᠨ ᠲ᠋ᠤᠮᠳᠠᠭᠤᠷ
ᠰᠢᠷᠭᠤᠮᠠᠯ ᠠᠭᠤᠷ ᠲ᠋ᠤ ᠵᠠᠮᠬᠠᠷᠠᠨᠠ᠃
(ᠨ·ᠴᠡᠯᠡᠭᠡᠷ ᠶᠢᠨ《ᠰᠠᠤᠠᠭᠢᠯ ᠤᠨ ᠬᠤᠷᠸᠡ》 ᠰᠢᠯᠦᠭ᠌ ᠤᠨ ᠳᠡᠭᠦᠪᠦᠷᠢ ᠡᠴᠡ)
ᠵᠤᠬᠢᠶᠠᠭᠴᠢ᠄ ᠨ·ᠴᠡᠯᠡᠭᠡᠷ
ᠢᠷᠡᠯᠲᠡ᠄ ᠨᠡᠷᠡᠡᠴᠡᠴᠡᠭ᠌
ᠬᠠᠷᠢᠶᠠ᠄
ᠰᠢᠯᠦᠭᠳᠠᠷᠤᠮ᠄ 2649
ᠴᠠᠭ᠄ 2006 ᠤᠨ ᠤ 07 ᠰᠠᠷᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ