ᠨᠡᠪᠲᠡᠷᠡᠨ ᠤᠷᠤᠬᠤ
ᠴᠠᠰᠤ ᠣᠷᠤᠯ᠎ᠠ

ᠠᠷᠤᠤᠬᠠᠨ ᠪᠠᠢ᠌ᠭᠠᠯᠢ ᠶᠢᠨ ᠦᠵᠡᠮᠵᠢ ᠳᠠᠷᠠᠯᠠᠵᠤ

ᠨᠠᠷᠠᠯᠠᠭ ᠬᠤᠷᠤ ᠎ᠡ ᠳᠤ ᠴᠠᠰᠤ ᠪᠠᠭᠤᠯ᠎ᠠ

ᠠᠳᠤᠭᠤ ᠮᠠᠯ ᠤᠨ ᠪᠠᠯᠴᠢᠭᠡᠷ ᠳᠠᠷᠤᠵᠤ

ᠨᠢᠳᠤ ᠦᠭᠡᠶ ᠶᠡᠭᠡ ᠵᠤᠳ ᠢᠷᠠᠯ᠎ᠠ᠃

ᠭᠡᠦᠭᠡᠨ ᠪᠣᠯᠪᠠᠢ᠌ᠷᠠᠬᠠᠨ ᠴᠢᠷᠠᠢ ᠮᠠᠳᠤ

ᠭᠦᠪᠰᠡᠭᠡᠷ ᠵᠥᠭᠡᠯᠡᠨ ᠴᠠᠰᠤ ᠪᠠᠢ᠌ᠯ᠎ᠠ ᠴᠤ᠂

ᠭᠦᠳᠡᠭᠡ ᠭᠤᠪᠢ ᠶᠢᠨ ᠮᠠᠯ ᠰᠥᠷᠦᠭ᠌ ᠲᠤ

ᠭᠡᠪᠳᠡᠷᠢ ᠥᠭᠡᠢ᠌ᠯᠡᠭ᠍ᠰᠡᠨ ᠭᠤᠨᠢᠭ ᠪᠠᠢ᠌ᠯ᠎ᠠ᠃

ᠳᠤᠤᠯᠢᠮ᠎ᠠ ᠬᠤᠷᠸ᠎ᠠ ᠶᠢ ᠭᠦᠪᠦᠩ ᠶᠢᠡᠷ ᠪᠠᠭᠯᠠᠭᠰᠠᠨ ᠮᠠᠳᠤ

ᠳᠤᠮᠤᠭ ᠤᠨ ᠰᠠᠢ᠌ᠬᠠᠨ ᠶ‍ᠢᠷᠳᠢᠠᠴᠤ ᠪᠠᠢ᠌ᠯ᠎ᠠ ᠴᠤ᠂

ᠳᠤᠳᠤᠭᠤ ᠪᠠᠷ ᠵᠢᠪᠠᠷ ᠰᠡᠩᠭᠢᠨᠡᠭ᠍ᠰᠡᠨ ᠮᠠᠳᠤ

ᠳᠤᠯᠤᠭᠠᠢ ᠵᠢᠩᠭᠢᠨᠡᠭ᠍ᠰᠡᠨ ᠡᠳᠦᠷ ᠪᠠᠢ᠌ᠯ᠎ᠠ᠃

ᠨᠤᠳᠤᠭ ᠰᠤᠠᠳᠠᠯᠠᠭᠰᠠᠨ ᠰᠢᠷ᠎ᠠ ᠵᠠᠮ ᠴᠢᠨᠢ

ᠴᠠᠰᠤᠨ ᠳᠤ ᠢᠳᠡᠭ᠍ᠳᠡᠭᠡᠳ ᠠᠯᠠᠭ᠎ᠠ ᠪᠣᠯᠤᠭᠰᠠᠨ

ᠨᠤᠶᠠᠨ ᠰᠠᠷᠢᠳᠠᠭ ᠤᠨ ᠦᠨᠳᠦᠷ ᠣᠷᠭᠢᠯ ᠴᠢᠨᠢ

ᠴᠠᠰᠤ ᠮᠦᠰᠤᠨ ᠭᠤᠯᠭᠤᠭᠤᠷ ᠪᠣᠯᠴᠢᠬᠠᠭᠰᠠᠨ

ᠰᠢᠭᠤᠷᠴᠤ ᠢᠷᠡᠭᠡᠳ ᠴᠠᠰᠤ ᠨᠢ ᠪᠠᠭᠤᠨ᠎ᠠ

ᠱᠤᠳᠤᠷᠴᠤ ᠢᠷᠡᠭᠡᠳ ᠬᠤᠨᠢᠳ ᠨᠢ ᠪᠦᠭᠡᠮᠨᠡᠷᠡᠨ᠎ᠡ

ᠮᠥᠩᠭᠦᠨ ᠳᠡᠯᠡᠭᠡᠢ ᠨᠢ ᠡᠨᠡ ᠶᠤᠮ ᠦᠦ᠂

ᠮᠦᠰᠤᠨ ᠰᠢᠭᠤᠷᠭ᠎ᠠ ᠨᠢ ᠡᠨᠡ ᠶᠤᠮ ᠦᠦ

ᠡᠭᠦᠯᠡ ᠪᠠᠷ ᠬᠠᠷᠠᠩᠭ᠋ᠣᠢ᠌ᠯᠠᠨ᠎ᠠ ᠳᠡᠯᠡᠭᠡᠢ

ᠦᠳᠡᠰᠢ ᠪᠠᠷ ᠰᠢᠭᠤᠷᠠᠨ᠎ᠠ ᠴᠠᠰᠤ

ᠣᠳᠤ ᠦᠭᠡᠶ ᠳᠡᠭ᠍ᠷᠢ ᠰᠦᠨᠢ

ᠣᠯᠤᠮ ᠦᠭᠡᠶ ᠭᠤᠤᠯ ᠮᠦᠰᠤ

ᠡᠳᠦᠷ ᠡᠳᠦᠷ ᠤᠨ ᠬᠤᠪᠢ ᠪᠠᠢ᠌ᠨ᠎ᠠ ᠴᠠᠰᠤᠨ ᠳᠤ

ᠡᠭᠦᠯᠡ᠂ ᠰᠢᠭᠤᠷᠭ᠎ᠠ ᠶᠢᠨ ᠬᠤᠪᠢ ᠪᠠᠢ᠌ᠨ᠎ᠠ ᠳᠡᠯᠡᠭᠡᠢ ᠳᠤ᠂

ᠬᠤᠨᠢ ᠥᠭᠡᠷ ᠥᠯᠪᠠᠷᠡᠭᠦ ᠶᠤᠮ ᠪᠠᠢ᠌ᠨ᠎ᠠ᠂ ᠪᠠᠯᠴᠢᠭᠡᠷ ᠲᠤ

ᠬᠤᠷᠢᠵᠤ ᠬᠠᠰᠢᠭᠠᠤᠨ ᠪᠦᠳᠦᠭᠦ ᠶᠤᠮ ᠪᠢᠰᠢ᠂ ᠡᠵᠡᠨ ᠴᠢᠨᠢ

ᠡᠪᠦᠯ ᠴᠠᠭ ᠤᠨ ᠵᠤᠳ ᠴᠠᠰᠤ

ᠪᠠᠯᠴᠢᠭᠡᠷ ᠭᠡᠪᠳᠡᠷᠢ ᠦᠭᠡᠶ ᠮᠠᠯ

ᠪᠠᠯᠠᠨ ᠪᠣᠷᠳᠤᠭ᠎ᠠ ᠪᠠᠨ ᠬᠠᠢ᠌ᠷᠠᠯᠠᠭᠰᠠᠨ ᠭᠦᠮᠤᠨ

ᠪᠢᠳᠡᠭᠦᠤ ᠪᠠᠷ ᠭᠠᠴᠢᠭᠰᠠᠨ ᠪᠠᠢ᠌ᠭᠠᠯᠢ

ᠴᠠᠰᠤ ᠴᠠᠰᠤ ᠣᠷᠤᠳᠠᠭ ᠯᠠ ᠬᠣᠢ᠌ᠨ᠎ᠠ

ᠴᠠᠭ ᠤᠨ ᠥᠩᠭᠡ ᠪᠠᠷ ᠯᠠᠪᠰᠠᠯᠠᠳᠠᠭ ᠯᠠ ᠬᠣᠢ᠌ᠨ᠎ᠠ᠂

ᠭᠠᠴᠢᠭᠤ ᠶᠠᠷᠰᠢᠭ ᠡᠴᠡ ᠪᠣᠤ ᠠᠶᠤ ᠭᠦᠮᠦᠰ ᠡ

ᠭᠠᠷᠬᠤ ᠵᠠᠮ ᠡᠮᠦᠨ᠎ᠡ ᠴᠢᠨᠢ ᠪᠣᠢ᠃


2010 ᠣᠨ ᠤ 1 ᠰᠠᠷᠠᠢ᠌ᠨ 6 ᠊ᠤ ᠡᠳᠦᠷ

ᠵᠤᠬᠢᠶᠠᠭᠴᠢ ᠶᠢᠨ ᠬᠠᠶ‍ᠢᠭ ᠄ ᠠᠷᠤ ᠬᠤᠷᠴᠢᠨ ᠬᠤᠰᠢᠭᠤᠨ ᠤ ᠰᠠᠢ᠌ᠬᠠᠠᠳᠠᠯ᠎ᠠ ᠰᠤᠮᠤ ᠶᠢᠨ ᠪᠠᠶᠠᠠᠠᠭᠤᠯᠠ ᠭᠠᠴᠠᠭ᠎ᠠ

ᠵᠤᠬᠢᠶᠠᠭᠴᠢ᠄ ᠪ᠊·ᠮᠡᠷᠭᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2010 ᠤᠨ ᠤ 01 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ