ᠨᠡᠪᠲᠡᠷᠡᠨ ᠤᠷᠤᠬᠤ
ᠨᠡᠭᠦᠳᠡᠯ ᠮᠠᠯᠵᠢᠯ ᠤᠨ ᠪᠣᠯᠪᠠᠰᠤᠨ


               ᠳᠠᠯ᠎ᠠ ᠶᠢᠨ ᠬᠠᠢ᠌ᠭᠤᠯᠴᠢᠨ


2012 ᠣᠨ ᠤ ᠵᠢᠯ ᠤᠨ ᠡᠭᠢᠨ ᠤ ᠨᠢᠭᠡᠨ ᠡᠳᠦᠷ᠂ ᠭᠠᠷ ᠣᠳᠠᠰᠤᠨ ᠤ ᠣᠬᠤᠷ ᠴᠢᠮᠡᠭᠡᠨ ᠡᠴᠠ ᠰᠢᠯᠢ ᠶᠢᠨ ᠭᠤᠤᠯ ᠠᠢ᠌ᠮᠠᠭ ᠤᠨ ᠠᠪᠠᠭ᠎ᠠ᠂ ᠰᠦᠨᠢᠳ ᠤᠨ ᠳᠠᠯ᠎ᠠ ᠨᠤᠳᠤᠭ ᠲᠤ ᠴᠢᠨ᠋ᠸ᠎ᠠ ᠶᠢᠨ ᠰᠦᠷᠦᠭ᠌ ᠢᠯᠠᠷᠠᠵᠤ ᠮᠠᠯ ᠰᠦᠷᠦᠭ᠌ ᠲᠤ ᠭᠦᠨᠦᠭᠡᠯ ᠪᠣᠯᠵᠤ ᠪᠠᠢ᠌ᠨ᠎ᠠ ᠭᠡᠰᠡᠨ ᠴᠢᠮᠡᠭᠡ ᠶᠢ ᠳᠤᠭᠤᠯᠤᠯ᠎ᠠ᠃

ᠡᠨᠡ ᠨᠢ ᠨᠠᠮᠢ᠋ᠢ ᠦᠪᠡᠷ ᠤᠨ ᠡᠷᠭᠡ ᠦᠭᠡᠶ ᠪᠠᠯᠴᠢᠷ ᠪᠠᠭ᠎ᠠ ᠶᠢᠨ ᠦᠶ᠎ᠡ ᠳᠤ ᠨᠤᠳᠤᠭ ᠣᠰᠤᠨ ᠤ ᠭᠢᠨ ᠴᠢᠨ᠋ᠸ᠎ᠠ ᠶᠢᠨ ᠰᠦᠷᠦᠭ᠌ ᠯᠦᠭᠡ ᠳᠠᠮᠠᠴᠠᠯ ᠭᠢᠵᠤ ᠮᠠᠯ ᠰᠦᠷᠦᠭ᠌ ᠶᠢᠡᠨ ᠬᠠᠮᠠᠭᠠᠯᠠᠵᠤ ᠥᠰᠭᠡᠭᠦ ᠭᠡᠵᠤ ᠪᠠᠢ᠌ᠭᠰᠠᠨ ᠪᠣᠷᠤ ᠳᠤᠷᠠᠳᠬᠠᠯ ᠢ ᠰᠠᠨᠠᠭᠳᠠᠭᠤᠯᠵᠠᠢ᠃ ᠮᠢᠨᠤ ᠨᠤᠳᠤᠭ ᠪᠣᠯ ᠪᠠᠭᠠᠷᠢᠨ ᠵᠡᠭᠦᠨ ᠬᠤᠰᠢᠭᠤᠨ ᠤ ᠣᠮᠠᠷ᠎ᠠ ᠭᠢᠯᠢ ᠳᠤ ᠪᠠᠢ᠌ᠷᠢᠯᠠᠭᠰᠠ ᠠᠭᠤᠯᠠᠷᠬᠠᠭ ᠭᠢᠷ᠎ᠠ ᠳᠠᠯ᠎ᠠ ᠶᠢᠨ ᠪᠠᠯᠴᠢᠭᠡᠷ ᠶᠢᠡᠷ ᠭᠤᠤᠯᠳᠠᠭᠤᠯᠤᠭᠰᠠᠨ ᠮᠠᠯᠵᠢᠬᠤ ᠨᠤᠳᠤᠭ ᠪᠣᠯᠬᠤ ᠶᠤᠮ᠃ ᠨᠠᠮᠢ᠋ᠢ ᠪᠠᠭ᠎ᠠ ᠪᠠᠢ᠌ᠵᠤ ᠣᠴᠢᠷ ᠶᠤᠰᠤ ᠶᠢ ᠬᠠᠷᠠᠬᠠᠨ ᠣᠬᠠᠬᠤ ᠦᠭᠡᠶ ᠪᠠᠢ᠌ᠬᠤ ᠳᠤ᠂ ᠨᠤᠳᠤᠭ ᠣᠰᠤᠨ ᠤ ᠭᠢᠨ ᠨᠢᠭᠡᠳᠦᠯ ᠪᠠᠷᠢᠭᠠᠳᠠ ᠶᠢᠨ ᠭᠢᠨ ᠤ ᠨᠢᠭᠡᠳᠦᠯᠳᠡᠢ ᠣᠷᠢᠶᠠᠯᠭ᠎ᠠ ᠳᠤᠤᠷ᠎ᠠ ᠴᠢᠨ᠋ᠸ᠎ᠠ ᠠᠩᠨᠠᠬᠤ ᠣᠷᠤᠯᠳᠤᠭᠠᠨ ᠦᠷᠨᠢᠭᠦᠯᠵᠤ ᠪᠠᠢ᠌ᠭᠰᠠᠨ ᠪᠦᠭᠡᠳ ᠨᠢᠭᠡ ᠴᠢᠨ᠋ᠸ᠎ᠠ ᠠᠩᠨᠠᠪᠠᠯ ᠪᠠᠷᠢᠭᠠᠳᠠ ᠡᠴᠠ ᠳᠠᠪᠤᠨ ᠬᠤᠪᠢ ᠳᠡᠮᠳᠡᠭᠯᠡᠵᠤ ᠦᠭ‍ᠭᠦ ᠪᠦᠭᠡᠳ ᠠᠷᠠᠰᠤ ᠶᠢ ᠨᠢ ᠬᠤᠷᠰᠢᠶᠠᠨ ᠳᠤ ᠠᠪᠠᠴᠢᠵᠤ ᠬᠤᠳᠤᠯᠳᠤᠪᠠᠯ ᠪᠠᠰᠠ ᠭᠡᠳᠤᠨ ᠳᠦᠭᠦᠷᠢᠭ᠌ ᠤᠨ ᠣᠷᠤᠯᠭ᠎ᠠ ᠣᠯᠵᠤ ᠭᠡᠷ ᠵᠠᠭᠤᠷ᠎ᠠ ᠶᠢᠨ ᠵᠠᠷᠤᠳᠠᠯ ᠶᠢᠡᠨ ᠰᠠᠢ᠌ᠤᠠᠪᠣᠷᠢᠯᠠᠵᠤ ᠴᠢᠳᠠᠳᠠᠭ᠃ ᠣᠯᠠᠨ ᠴᠢᠨ᠋ᠸ᠎ᠠ ᠠᠩᠨᠠᠪᠠᠯ ᠨᠢᠭᠡᠳᠦᠯ ᠪᠠᠷᠢᠭᠠᠳᠠ ᠡᠴᠠ ᠪᠠᠰᠠ 《ᠭᠦᠳᠡᠯᠮᠦᠷᠢ ᠶᠢᠨ ᠵᠢᠱᠢᠶᠠᠴᠢ》 ᠪᠠᠷ ᠱᠠᠩᠨᠠᠨ ᠭᠦᠭᠢᠭᠦᠯᠳᠡᠭ᠌᠃ ᠡᠭᠦᠨ ᠡᠴᠠ ᠭᠦᠮᠦᠰ ᠤᠨ ᠳᠤᠮᠳᠠ ᠬᠠᠪᠬ᠎ᠠ ᠪᠠᠷ ᠠᠩᠨᠠᠬᠤ᠂ ᠬᠤᠤᠷ ᠶᠢᠡᠷ ᠠᠩᠨᠠᠬᠤ᠂ ᠫᠣᠤ ᠪᠠᠷ ᠠᠩᠨᠠᠬᠤ᠂ ᠡᠭᠦᠷ ᠢ ᠨᠢ ᠮᠠᠯᠳᠠᠬᠤ ᠵᠡᠷᠭᠡ ᠴᠢᠨ᠋ᠸ᠎ᠠ ᠳᠤ ᠬᠠᠠᠳᠤᠭᠤᠯᠤᠭᠰᠠᠨ ᠱᠥᠭᠦᠷᠳᠡᠯᠳᠡ ᠶᠠᠪᠣᠭᠳᠠᠵᠤ᠂ ᠴᠢᠨ᠋ᠸ᠎ᠠ ᠶᠢ ᠬᠠᠮᠤᠭ ᠠᠮᠢᠳᠠᠨ ᠤ ᠬᠠᠷ᠎ᠠ ᠳᠠᠢ᠌ᠰᠤᠨ ᠶᠢᠡᠷ ᠦᠵᠡᠵᠤ ᠭᠢᠳᠤᠨ ᠣᠰᠠᠳᠬᠠᠵᠤ ᠪᠠᠢ᠌ᠵᠠᠢ᠃ ᠨᠠᠰᠤ ᠵᠢᠯ ᠤᠨ ᠨᠡᠮᠡᠭ᠍ᠳᠡᠭᠦ ᠡᠴᠠ ᠪᠢ ᠰᠤᠷᠭᠠᠭᠤᠯᠢ ᠨᠤᠮ ᠤᠨ ᠮᠦᠷ ᠶᠢᠡᠷ ᠭᠠᠳᠠᠭᠰᠢ ᠰᠤᠷᠤᠯᠴᠠᠬᠤ ᠪᠠᠷ ᠶᠠᠪᠣᠬᠤ ᠪᠣᠯᠵᠤ᠂ ᠳᠠᠷᠬᠠᠯᠳᠠ ᠳᠤ ᠬᠠᠶᠠ ᠨᠤᠳᠤᠭ ᠲᠠᠭᠠᠨ ᠪᠣᠴᠠᠬᠤ ᠦᠶᠡᠰ ᠨᠤᠳᠤᠭ ᠤᠨ ᠭᠢᠨ ᠴᠢᠨ᠋ᠸ᠎ᠠ ᠶᠢᠨ ᠳᠤᠬᠠᠢ ᠵᠤᠭᠤᠭ ᠴᠥᠭᠡᠷᠡᠵᠤ ᠳᠠᠮᠠᠢ ᠳᠤᠷᠠᠳᠤᠬᠤ ᠭᠦᠮᠤᠨ ᠦᠭᠡᠶ ᠪᠣᠯᠤᠭᠰᠠᠨ ᠳᠤ ᠳᠤᠬᠠᠢ ᠶᠢᠨ ᠦᠶ᠎ᠡ ᠳᠤ ᠪᠢ ᠳᠤᠳᠤᠷ᠎ᠠ ᠪᠠᠨ ᠶᠡᠭᠡᠯ᠎ᠡ ᠭᠠᠢ᠌ᠬᠠᠵᠤ ᠪᠠᠢ᠌ᠭᠰᠠᠨ ᠶᠤᠮ᠃ ᠬᠤᠵᠢᠮ ᠨᠢ ᠰᠠ‍‌ᠶᠢ ᠴᠢᠨ᠋ᠸ᠎ᠠ ᠣᠷᠤᠰᠢᠬᠤ ᠣᠷᠤᠨ ᠠᠮᠢᠳᠤᠷᠠᠬᠤ ᠵᠠᠢ ᠦᠭᠡᠶ ᠪᠣᠯᠵᠤ ᠣᠠᠳᠤᠤ ᠨᠤᠳᠤᠭ ᠲᠤ ᠰᠢᠯᠵᠢᠭ᠍ᠰᠡᠨ ᠪᠣᠶᠤ ᠦᠨᠳᠦᠰᠦ ᠳᠠᠰᠤᠷᠠᠯ᠎ᠠ ᠭᠡᠰᠡᠨ ᠣᠴᠢᠷ ᠶᠤᠰᠤ ᠶᠢ ᠪᠠᠷᠤᠭᠯᠠᠵᠠᠢ᠃ ᠪᠢ ᠣᠳᠠᠯ ᠦᠭᠡᠶ ᠠᠩᠬ᠎ᠠ ᠳᠤᠮᠳᠠᠳᠤ ᠶᠢᠨ ᠰᠤᠷᠤᠯᠭ᠎ᠠ ᠪᠠᠨ ᠳᠡᠭᠦᠰᠭᠡᠵᠤ᠂ ᠨᠢᠭᠡᠨ ᠡᠳᠦᠷ ᠤᠨ ᠦᠳᠡ ᠶᠢᠨ ᠬᠤᠭᠤᠯᠠᠨ ᠤ ᠵᠠᠭᠤᠷ᠎ᠠ ᠠᠪᠣ 《ᠬᠤᠨᠢᠨ ᠰᠦᠷᠦᠭ᠌ ᠡᠴᠠ ᠨᠢᠭᠡ ᠰᠢᠳᠦᠯᠡᠭᠦ ᠶᠢ ᠴᠢᠨ᠋ᠸ᠎ᠠ ᠡᠭᠦᠷᠦᠯ᠎ᠡ》 ᠭᠡᠵᠤ ᠵᠤᠭᠤᠭ ᠪᠣᠯᠭᠠᠨ ᠶᠠᠷᠢᠬᠤ ᠡᠴᠠ ᠨᠠᠳᠠ ᠴᠢᠨ᠋ᠸ᠎ᠠ ᠶᠢᠨ ᠪᠠᠢ᠌ᠳᠠᠯ ᠢ ᠠᠪᠣ ᠡᠴᠠ ᠰᠠᠢ᠌ᠬᠠᠨ ᠠᠰᠠᠭᠤᠶ᠎ᠠ ᠭᠡᠰᠡᠨ ᠪᠣᠳᠤᠯ ᠳᠦᠷᠦᠭ᠍ᠳᠡᠵᠤ᠂ ᠠᠪᠣ ᠶᠢᠨ ᠥᠭᠡᠨ ᠤ ᠰᠢᠵᠢᠮ ᠢ ᠡᠯᠭᠦᠵᠤ᠂ ᠴᠢᠨ᠋ᠸ᠎ᠠ ᠨᠢ ᠳᠠᠯ᠎ᠠ ᠶᠢᠨ ᠮᠠᠯᠴᠢᠳ ᠤᠨ ᠠᠮᠢᠳᠤᠷᠠᠯ ᠳᠤ ᠶᠠᠮᠠᠷᠬᠠᠨ ᠨᠥᠯᠦᠭᠡ ᠲᠡᠶ ᠪᠠᠢ᠌ᠵᠤ ᠥᠩᠭᠡᠷᠡᠭ᠍ᠰᠡᠨ ᠣᠴᠢᠷ ᠶᠠᠪᠣᠳᠠᠯ ᠤᠨ ᠳᠤᠬᠠᠢ ᠨᠠᠯᠢᠶᠠᠤᠨ ᠨᠠᠷᠢᠯᠢᠭ ᠯᠠᠪᠯᠠᠵᠠᠢ᠃

ᠨᠡᠭᠦᠳᠡᠯ ᠮᠠᠯᠵᠢᠯ ᠤᠨ ᠠᠮᠢᠳᠤᠷᠠᠯ ᠳᠤᠮᠳᠠ᠂ ᠮᠠᠯᠴᠢᠳ ᠪᠠᠯᠴᠢᠭᠡᠷ ᠶᠢᠡᠨ ᠵᠤᠰᠠᠯᠠᠩ᠂ ᠨᠠᠮᠤᠷᠵᠢᠶ᠎ᠠ᠂ ᠡᠪᠦᠯᠵᠢᠶ᠎ᠡ᠂ ᠬᠠᠪᠣᠷᠵᠢᠶ᠎ᠠ ᠭᠡᠵᠤ ᠬᠤᠪᠢᠶᠠᠨ ᠣᠯᠠᠷᠢᠯ ᠳᠠᠭᠠᠵᠤ ᠨᠡᠭᠦᠳᠡᠯᠯᠡᠨ ᠮᠠᠯᠵᠢᠵᠤ ᠮᠠᠯ ᠰᠦᠷᠦᠭ᠌ ᠶᠢᠡᠨ ᠥᠰᠭᠡᠳᠡᠭ᠌᠃ ᠡᠨᠡ ᠨᠢ ᠭᠤᠤᠯᠳᠠᠭᠤ ᠪᠠᠯᠴᠢᠭᠡᠷ ᠰᠤᠯᠢᠬᠤ ᠶᠠᠪᠣᠴᠠ ᠳᠤ ᠬᠠᠯᠠᠭᠳᠠᠭᠰᠠᠨ ᠪᠠᠯᠴᠢᠭᠡᠷ ᠲᠤ ᠳᠠᠭᠢᠨ ᠣᠷᠭᠤᠵᠤ ᠰᠡᠷᠭᠦᠭᠦ ᠵᠠᠪᠰᠢᠶᠠᠨ ᠣᠯᠭᠤᠵᠤ᠂ ᠨᠤᠳᠤᠭ ᠣᠰᠤᠨ ᠤ ᠪᠠᠨ ᠦᠩ ᠰᠢᠮᠡᠯᠢᠭ᠌ ᠪᠠᠢ᠌ᠳᠠᠯ ᠢ ᠦᠷᠭᠦᠯᠵᠢᠳᠡ ᠪᠠᠳᠤᠯᠠᠬᠤ ᠶᠢ ᠭᠦᠰᠡᠨ ᠵᠤᠷᠢᠭᠰᠠᠨ ᠵᠤᠷᠢᠯᠳᠠ ᠪᠠᠢ᠌ᠭ᠎ᠠ ᠪᠣᠯᠬᠤ ᠶᠤᠮ᠃ ᠨᠤᠳᠤᠭ ᠣᠰᠤ ᠳᠠᠷᠭᠤᠨ ᠳᠠᠩᠰᠤᠭ ᠠᠷᠢᠶᠠᠳᠠᠨ ᠵᠢᠭᠦᠷᠳᠡᠨ ᠳᠤᠭᠯᠠᠨ ᠵᠢᠷᠭᠢᠭ᠍ᠰᠡᠨ ᠠᠩᠬᠠᠨ ᠤ ᠦᠶ᠎ᠡ ᠳᠤ᠂ ᠴᠢᠨ᠋ᠸ᠎ᠠ ᠨᠢ ᠬᠠᠶᠠ ᠨᠢᠭᠡ ᠠᠳᠤᠭᠤ ᠮᠠᠯ ᠢ ᠳᠠᠭᠠᠷᠢᠵᠤ ᠮᠠᠯᠴᠢᠳ ᠲᠤ ᠬᠤᠭᠢᠷᠠᠯ ᠰᠣᠢ᠌ᠳᠤᠯ ᠣᠴᠠᠷᠠᠭᠤᠯᠳᠠᠭ ᠪᠣᠯᠪᠠᠴᠤ ᠴᠢᠨ᠋ᠸ᠎ᠠ ᠢᠳᠡᠭᠡᠨ ᠤ ᠭᠤᠤᠯ ᠢᠷᠠᠯᠳᠠ ᠪᠠᠨ ᠵᠡᠭᠡᠷ᠎ᠡ᠂ ᠳᠠᠤᠯᠠᠢ᠂ ᠬᠤᠯᠤᠭᠠᠨ᠎ᠠ᠂ ᠳᠠᠷᠪᠠᠭ᠎ᠠ ᠵᠡᠷᠭᠡ ᠡᠪᠠᠰᠤᠨ ᠳᠡᠵᠢᠭᠡᠯᠳᠤ ᠠᠮᠢᠳᠠᠨ ᠪᠠ ᠭᠦᠮᠤᠨ ᠠᠮᠢᠳᠠᠨ ᠤ ᠥᠭᠦᠳᠡᠯ ᠵᠡᠷᠭᠡ ᠳᠤ ᠳᠦᠰᠢᠳᠡᠭ᠌ ᠪᠣᠯᠬᠤᠷ ᠪᠠᠰᠠ ᠴᠤ ᠡᠪᠠᠰᠤ ᠪᠠᠯᠴᠢᠭᠡᠷ ᠢ ᠬᠠᠮᠭᠠᠯᠠᠬᠤ᠂ ᠣᠷᠴᠢᠨ ᠠᠬᠤᠢ ᠶᠢᠨ ᠪᠣᠭᠢᠷᠳᠤᠯ ᠢ ᠴᠡᠪᠠᠷᠰᠢᠭᠦᠯᠭᠦ ᠵᠡᠷᠭᠡ ᠴᠢᠬᠤᠯᠠ ᠣᠢ᠌ᠯᠠᠳᠤᠯ ᠲᠡᠶ ᠪᠠᠢ᠌ᠳᠠᠭ᠃ ᠡᠷᠳᠡᠨ ᠤ ᠠᠩᠴᠢᠳ ᠴᠢᠨ᠋ᠸ᠎ᠠ ᠠᠩᠨᠠᠬᠤ ᠳᠠᠭᠠᠨ ᠳᠤᠭ᠎ᠠ ᠨᠤᠷᠮ᠎ᠠ ᠶᠢᠨ ᠭᠡᠳᠤ ᠦᠰᠦᠯᠳᠠ ᠶᠢ ᠨᠢ ᠭᠢᠵᠠᠭᠠᠷᠯᠠᠬᠤ ᠶᠢ ᠠᠩᠬᠠᠷᠴᠤ᠂ ᠡᠭᠡ ᠪᠠᠢ᠌ᠭᠠᠯᠢ ᠶᠢᠨ ᠲᠡᠩᠴᠡᠬᠦᠷᠢ ᠶᠢ ᠪᠠᠳᠤᠯᠠᠬᠤ ᠶᠢᠨ ᠲᠦᠯᠦᠭᠡ᠂ ᠴᠢᠨ᠋ᠸ᠎ᠠ ᠶᠢ ᠦᠨᠳᠦᠰᠦ ᠪᠠᠷ ᠨᠢ ᠣᠭᠳᠤᠯᠵᠤ ᠳᠠᠰᠤ ᠣᠰᠠᠳᠬᠠᠬᠤ ᠶᠢ ᠣᠠᠴᠠ ᠴᠡᠭᠡᠷᠯᠡᠳᠡᠭ᠌᠃ ᠣᠳᠠᠭᠠᠨ ᠵᠢᠯ ᠤᠨ ᠣᠢ᠌ᠯᠠᠳᠪᠣᠷᠢᠯᠠᠯ ᠠᠮᠢᠳᠤᠷᠠᠯ ᠤᠨ ᠳᠤᠮᠳᠠ ᠨᠡᠭᠦᠳᠡᠯᠴᠢᠨ ᠮᠠᠯᠴᠢᠳ ᠴᠢᠨ᠋ᠸ᠎ᠠ ᠯᠦᠭᠡ ᠶᠢᠨ ᠳᠠᠮᠠᠴᠠᠯ ᠪᠠ ᠨᠥᠭᠦᠷᠯᠡᠯ ᠤᠨ ᠳᠤᠮᠳᠠ ᠮᠠᠰᠢ ᠣᠯᠠᠨ ᠣᠢ᠌ᠯᠠᠳᠪᠣᠷᠢᠯᠠᠯ ᠠᠮᠢᠳᠤᠷᠠᠯ ᠤᠨ ᠮᠡᠳᠡᠯᠭᠡ ᠶᠢ ᠴᠢᠨ᠋ᠸ᠎ᠠ ᠡᠴᠠ ᠰᠤᠷᠤᠯᠴᠠᠭᠰᠠᠨ ᠳᠡᠮᠳᠡᠭᠯᠡᠯ ᠲᠡᠶ᠃ ᠴᠢᠨ᠋ᠸ᠎ᠠ ᠥᠭ᠍ᠶ‍ᠦᠭᠡᠨ ᠳᠤ ᠪᠠᠭᠤᠬᠤ ᠳᠠᠭᠠᠨ ᠭᠡᠵᠢᠶᠡᠳᠡ ᠭᠦᠯᠢᠴᠡᠩᠭᠦᠢ ᠳᠤᠭᠳᠠᠭᠤᠨ ᠶᠠᠭᠠᠷᠠᠵᠤ ᠰᠠᠠᠳᠤᠷᠬᠤ ᠦᠭᠡᠶ ᠪᠠᠢ᠌ᠵᠤ ᠲᠤᠬᠢᠶᠠᠯ ᠢ ᠠᠮᠵᠢᠨ ᠭᠡᠨᠡᠳᠲᠡ ᠪᠠᠷ ᠳᠠᠭᠠᠷᠢᠳᠠᠭ᠃ ᠰᠦᠷᠦᠭᠯᠡᠨ ᠢᠳᠠᠰᠢᠯᠠᠵᠤ ᠪᠠᠢ᠌ᠭ᠎ᠠ ᠵᠡᠭᠡᠷ᠎ᠡ ᠶᠢ ᠳᠠᠭᠠᠷᠢᠬᠤ ᠳᠠᠭᠠᠨ ᠴᠢᠨ᠋ᠸ᠎ᠠ ᠪᠦᠭᠦᠯᠢ ᠡᠳᠦᠷ ᠤᠨ ᠴᠠᠭ ᠢ ᠵᠠᠷᠤᠴᠠᠭᠤᠯᠵᠤ ᠭᠦᠳᠡᠯᠦᠯ ᠦᠭᠡᠶ ᠠᠵᠢᠭᠯᠠᠨ ᠮᠠᠨᠠᠵᠤ᠂ ᠵᠡᠭᠡᠷ᠎ᠡ ᠭᠡᠵᠢᠶ᠎ᠡ ᠬᠣᠢ᠌ᠨ᠎ᠠ ᠭᠦᠵᠡᠭᠡ ᠪᠠᠨ ᠳᠦᠭᠦᠷᠳᠡᠯ᠎ᠡ ᠢᠳᠠᠵᠤ ᠦᠳᠡᠰᠢ ᠶᠢᠨ ᠭᠡᠪᠳᠡᠷᠢ ᠳᠡᠭᠡᠨ ᠣᠷᠤᠭᠠᠤᠨ᠂ ᠦᠷ ᠴᠠᠢ᠌ᠬᠤ ᠶᠢᠨ ᠦᠶᠡᠰ ᠳ᠋ᠠᠭᠢ ᠳᠠᠪᠣᠰᠠᠩ ᠨᠢ ᠴᠢᠨᠤᠷᠠᠵᠤ ᠰᠢᠭᠡᠭᠦ ᠡᠴᠠ ᠡᠮᠦᠨᠡᠭᠢ ᠭᠡᠳᠦᠭᠡᠨ ᠰᠸᠺᠦᠠᠲ᠋ ᠶᠢᠨ ᠬᠤᠭᠤᠴᠠᠭᠠᠨ ᠳᠤ ᠮᠠᠨᠠᠭᠰᠠᠨ ᠥᠭ᠍ᠶ‍ᠦᠭᠡ ᠪᠠᠨ ᠳᠠᠭᠠᠷᠢᠳᠠᠭ᠃ ᠡᠨᠡ ᠦᠶᠡᠰ ᠵᠡᠭᠡᠷ᠎ᠡ ᠨᠢ ᠴᠠᠳᠬᠤᠯᠠᠩ ᠮᠦᠷᠳᠡᠭᠡᠨ ᠰᠢᠭᠡᠰᠤ ᠪᠠᠨ ᠬᠤᠷᠢᠵᠤ ᠴᠢᠳᠠᠬᠤ ᠦᠭᠡᠶ ᠪᠠᠢ᠌ᠳᠠᠭ ᠡᠴᠠ ᠭᠦᠳᠡᠯᠭᠡᠭᠡᠨ ᠨᠢ ᠣᠳᠠᠭᠠᠨ ᠪᠣᠯᠵᠤ ᠮᠠᠰᠢ ᠠᠮᠠᠷᠬᠠᠨ ᠶᠢᠡᠷ ᠴᠢᠨ᠋ᠸ᠎ᠠ ᠳᠤ ᠳᠠᠭᠠᠷᠢᠭᠳᠠᠳᠠᠭ᠃ ᠴᠢᠨ᠋ᠸ᠎ᠠ ᠪᠠᠰᠠ ᠴᠠᠭ ᠠᠭᠤᠷ ᠪᠠ ᠭᠠᠵᠠᠷ ᠤᠨ ᠪᠠᠢ᠌ᠴᠠ ᠶᠢ ᠠᠰᠢᠭᠯᠠᠵᠤ ᠥᠭ᠍ᠶ‍ᠦᠭᠡ ᠡᠷᠢᠭᠦ ᠳᠡᠭᠡᠨ ᠳᠤᠩ ᠴᠢᠳᠠᠮᠠᠭᠠᠢ ᠪᠠᠢ᠌ᠳᠠᠭ᠃ ᠮᠠᠯᠴᠢᠳ ᠤᠨ ᠭᠦᠷᠢᠶ᠎ᠡ ᠠᠩ ᠭᠢᠭᠦ ᠮᠡᠷᠭᠡᠵᠢᠯ ᠢ ᠴᠢᠨ᠋ᠸ᠎ᠠ ᠡᠴᠠ ᠰᠤᠷᠤᠯᠴᠠᠯ᠎ᠠ ᠭᠡᠵᠤ ᠭᠡᠯᠡᠵᠤ ᠪᠣᠯᠤᠨ᠎ᠠ᠃ ᠨᠢᠭᠡ ᠵᠢᠯ ᠤᠨ ᠬᠠᠪᠣᠷ᠂ ᠨᠤᠳᠤᠭ ᠤᠨ ᠭᠤᠤᠯ ᠳᠤᠭᠤᠷᠢᠮ ᠤᠨ ᠮᠦᠰᠤ ᠴᠠᠰᠤ ᠣᠶᠠᠰᠤᠨ ᠬᠠᠢ᠌ᠯᠵᠤ᠂ ᠠᠳᠤᠭᠤ ᠮᠠᠯ ᠤᠨ ᠣᠰᠤ ᠣᠤᠭᠤᠳᠠᠭ ᠭᠤᠤᠯ ᠤᠨ ᠣᠯᠤᠮ ᠨᠢ ᠱᠢᠪᠠᠷ ᠱᠠᠯᠴᠢᠭ ᠶᠢᠡᠷ ᠳᠦᠭᠦᠷᠴᠤ ᠪᠠᠢ᠌ᠭᠰᠠᠨ ᠦᠶ᠎ᠡ ᠳᠤ᠂ ᠴᠢᠨ᠋ᠸ᠎ᠠ ᠬᠠᠪᠣᠷ ᠤᠨ ᠦᠳᠡᠰᠢ ᠶᠢᠨ ᠭᠡᠨᠡᠳᠲᠡ ᠳᠡᠭ᠍ᠳᠡᠭ᠍ᠰᠡᠨ ᠬᠠᠷ᠎ᠠ ᠰᠢᠭᠤᠷᠭ᠎ᠠ ᠶᠢ ᠠᠰᠢᠭᠯᠠᠵᠤ ᠰᠠᠯᠭᠢᠨ ᠤ ᠳᠡᠭᠡᠷ᠎ᠡ ᠬᠠᠪᠢ ᠳᠤ ᠪᠠᠢ᠌ᠭᠰᠠᠨ ᠭᠡᠳᠤᠨ ᠠᠵᠢᠷᠭ᠎ᠠ ᠠᠳᠤᠭᠤ ᠶᠢ ᠳᠦᠷᠦᠭᠦᠤ ᠴᠢᠨ᠋ᠸ᠎ᠠ ᠶᠢᠨ ᠵᠢᠯᠤᠭᠤᠳᠤᠯᠭ᠎ᠠ ᠳᠤᠤᠷ᠎ᠠ ᠭᠤᠷᠪᠠᠨ ᠳᠠᠯ᠎ᠠ ᠡᠴᠠ ᠨᠢ ᠰᠢᠬᠠᠵᠤ ᠭᠤᠤᠯ ᠤᠨ ᠣᠯᠤᠮ ᠤᠨ ᠰᠢᠪᠠᠷ ᠲᠤ ᠣᠷᠤᠭᠤᠯᠵᠤ᠂ ᠰᠦᠷᠦᠭ᠌ ᠴᠢᠨ᠋ᠸ᠎ᠠ ᠨᠢ ᠶᠡᠭᠡᠪᠠᠷ ᠦᠯ ᠳᠠᠢ᠌ᠯᠤᠯ᠎ᠠ ᠭᠡᠳᠡᠭ᠌᠃ ᠡᠨᠡᠭᠦ ᠪᠦᠰᠡᠯᠡᠨ ᠳᠠᠭᠠᠷᠢᠬᠤ ᠠᠷᠭ᠎ᠠ ᠶᠢ ᠪᠣᠭᠳᠠ ᠴᠢᠩᠭᠢᠰ ᠳᠠᠢ᠌ᠨ ᠤ ᠪᠣᠳᠤᠯᠭ᠎ᠠ ᠳᠠᠭᠠᠨ ᠪᠠᠭᠳᠠᠭᠠᠭᠠᠤᠨ ᠳᠠᠯ᠎ᠠ ᠨᠤᠳᠤᠭ ᠤᠨ ᠳᠤᠯᠤᠯᠳᠤᠭᠠᠨ ᠳᠤ ᠣᠯᠠᠠᠳᠠ ᠢᠯᠠᠯᠳᠠ ᠣᠯᠤᠯ᠎ᠠ ᠭᠡᠵᠤ ᠭᠦᠮᠦᠰ ᠭᠡᠯᠡᠯᠴᠡᠳᠡᠭ᠌ ᠪᠠᠢ᠌ᠭᠰᠠᠨ᠃ ᠨᠤᠳᠤᠭ ᠤᠨ ᠠᠬᠠᠮᠠᠤᠨ ᠪᠠᠰᠠ ᠭᠦᠮᠦᠰ ᠤᠨ 《ᠪᠠᠭ᠎ᠠ ᠴᠠᠰᠤ》 ᠶ᠋ᠢᠨ ᠣᠯᠠᠷᠢᠯ ᠪᠣᠯᠤᠭᠰᠠᠭᠠᠷ ᠬᠤᠨᠢ ᠮᠠᠯ ᠶᠢᠡᠨ ᠨᠢᠳᠤᠯᠠᠵᠤ ᠡᠪᠦᠯ ᠤᠨ ᠢᠳᠠᠰᠢ ᠢᠳᠡᠳᠡᠭ᠌ ᠵᠠᠩᠰᠢᠯ ᠢ ᠴᠢᠨ᠋ᠸ᠎ᠠ ᠡᠴᠠ ᠰᠤᠷᠤᠯᠴᠠᠯ᠎ᠠ ᠭᠡᠵᠤ ᠭᠡᠯᠡᠳᠡᠭ᠌᠃ ᠣᠮᠠᠷᠠᠳᠤ ᠣᠷᠤᠨ ᠤ ᠴᠠᠰᠤ ᠡᠨᠡᠭᠦ ᠣᠯᠠᠷᠢᠯ ᠪᠣᠯᠤᠭᠰᠠᠭᠠᠷ ᠣᠯᠠᠩᠭᠢ ᠳᠠᠭᠠᠨ ᠨᠠᠯᠢᠶᠠᠤᠨ ᠵᠤᠵᠠᠭᠠᠨ ᠣᠷᠤᠴᠢᠬᠠᠳᠠᠭ ᠪᠦᠭᠡᠳ ᠠᠳᠤᠭᠤ ᠮᠠᠯ ᠤᠨ ᠳᠤᠰᠤᠨ ᠳᠠᠷᠭᠤ ᠬᠠᠷᠠᠬᠠᠨ ᠪᠠᠭᠤᠷᠠᠭᠠᠳᠤᠢ ᠪᠠᠢ᠌ᠳᠠᠭ ᠢ ᠴᠢᠨ᠋ᠸ᠎ᠠ ᠳᠤᠩ ᠰᠠᠢ᠌ᠬᠠᠨ ᠣᠢ᠌ᠯᠭᠠᠳᠠᠭ ᠣᠴᠢᠷ ᠡᠴᠠ ᠭᠤᠤᠯ ᠤᠨ ᠳᠤᠬᠤᠢ ᠳᠠᠭᠠᠭᠰᠠᠨ ᠵᠤᠵᠠᠭᠠᠨ ᠴᠠᠰᠤᠨ ᠳᠤ ᠵᠡᠭᠡᠷ᠎ᠡ ᠶᠢᠨ ᠰᠦᠷᠦᠭ᠌ ᠢ ᠬᠤᠮᠢᠨ ᠰᠢᠭᠠᠯᠭᠠᠵᠤ ᠠᠮᠠᠨ ᠭᠦᠵᠦᠭᠦᠤ ᠶᠢ ᠨᠢ ᠬᠠᠵᠠᠵᠤ ᠠᠯᠠᠭᠰᠠᠨ ᠤ ᠬᠣᠢ᠌ᠨ᠎ᠠ ᠣᠯᠠᠨ ᠵᠡᠭᠡᠷ᠎ᠡ ᠶᠢ ᠣᠭ ᠭᠠᠵᠠᠷ ᠡᠴᠠ ᠨᠢ ᠭᠦᠳᠡᠯᠭᠡᠭᠦ ᠦᠭᠡᠶ ᠪᠠᠢ᠌ᠵᠤ᠂ ᠳᠠᠷᠠᠭ᠎ᠠ ᠬᠠᠪᠣᠷ ᠤᠨ ᠬᠠᠢ᠌ᠯ ᠡᠭᠢᠯᠡᠭ᠍ᠰᠡᠨ ᠤ ᠬᠣᠢ᠌ᠨ᠎ᠠ ᠴᠢᠨ᠋ᠸ᠎ᠠ ᠤᠳ ᠴᠤᠭᠯᠠᠠᠷᠠᠨ ᠬᠠᠪᠣᠷ ᠤᠨ ᠭᠠᠴᠢᠭ ᠴᠠᠭ ᠲᠤ ᠨᠠᠮᠤᠷ ᠤᠨ ᠳᠠᠷᠭᠤ ᠶᠢ ᠠᠮᠰᠠᠳᠠᠭ᠃ ᠨᠡᠭᠦᠳᠡᠯᠴᠢᠨ ᠮᠠᠯᠴᠢᠳ ᠣᠳᠠᠭᠠᠨ ᠵᠢᠯ ᠤᠨ ᠳᠤᠷᠰᠢ ᠴᠢᠨ᠋ᠸ᠎ᠠ ᠯᠦᠭᠡ ᠳᠠᠮᠠᠴᠠᠯ ᠭᠢᠵᠤ ᠴᠢᠨ᠋ᠸ᠎ᠠ ᠶᠢᠨ ᠳᠠᠪᠠᠭᠤᠯᠢᠭ ᠢ ᠠᠰᠢᠭᠯᠠᠨ ᠣᠯᠠᠷᠢᠨ ᠳᠤᠭᠳᠠᠨᠢᠬᠤ ᠶᠠᠪᠣᠴᠠ ᠳᠤᠮᠳᠠ ᠪᠦᠷᠢᠯᠳᠦᠭ᠍ᠰᠡᠨ ᠴᠢᠨ᠋ᠸ᠎ᠠ ᠶᠢᠨ ᠠᠷᠠᠰᠤ ᠪᠠᠷ ᠳᠡᠪᠢᠰᠭᠡᠷ ᠭᠢᠭᠦ ᠦᠭᠡᠶ᠂ ᠠᠩᠨᠠᠭᠰᠠᠨ ᠴᠢᠨ᠋ᠸ᠎ᠠ ᠶᠢᠨ ᠠᠷᠠᠰᠤ ᠶᠢ ᠪᠢᠳᠡᠭᠦᠤ ᠪᠠᠷ ᠦᠪᠴᠢᠵᠤ ᠠᠷᠠᠰᠤᠨ ᠳᠤ ᠨᠢ ᠬᠠᠭᠤᠷᠠᠢ ᠡᠪᠠᠰᠤ ᠴᠢᠭᠢᠭᠡᠳ ᠣᠷᠭᠠᠨ ᠥᠵᠦᠭᠦᠷ ᠲᠤ ᠡᠯᠭᠦᠨ ᠮᠤᠩᠭ᠋ᠤᠯ ᠭᠡᠷ ᠤᠨ ᠳᠡᠭᠡᠭᠦᠷ ᠨᠢᠰᠭᠡᠵᠤ ᠰᠥᠭ᠌ ᠰᠦᠨᠠᠰᠤ ᠶᠢ ᠨᠢ ᠳᠡᠭ᠍ᠷᠢ ᠳᠤ ᠳᠡᠭ᠍ᠳᠡᠭᠡᠭᠡᠳ ᠰᠠ‍‌ᠶᠢ ᠪᠠᠭᠤᠯᠭᠠᠬᠤ᠂ ᠭᠦᠮᠤᠨ ᠥᠭᠦᠵᠤ ᠬᠠᠯᠢᠪᠠᠯ ᠳᠠᠯ᠎ᠠ ᠳᠤ ᠬᠠᠶᠠᠵᠤ ᠴᠢᠨ᠋ᠸ᠎ᠠ ᠳᠤ ᠢᠳᠡᠭᠦᠯᠤᠨ ᠪᠠᠢ᠌ᠭᠠᠯᠯᠢᠭ ᠣᠷᠤᠰᠢᠭᠤᠯᠤᠯᠭ᠎ᠠ ᠭᠢᠭᠦ ᠵᠡᠷᠭᠡ ᠵᠠᠩ ᠵᠠᠩᠰᠢᠯ ᠨᠢ ᠴᠦᠮ ᠴᠢᠨ᠋ᠸ᠎ᠠ ᠶᠢ ᠭᠦᠡᠳᠦᠳᠭᠡᠵᠤ᠂ ᠴᠢᠨ᠋ᠸ᠎ᠠ ᠶᠢ ᠠᠵᠤ ᠠᠮᠢᠳᠤᠷᠠᠯ ᠤᠨ ᠳᠦᠰᠢᠭ᠌᠂ ᠠᠯᠠᠯᠳᠤᠭᠠᠨ ᠳᠠᠢ᠌ᠯᠠᠯᠳᠤᠭᠠᠨ ᠤ ᠪᠠᠭᠰᠢ᠂ ᠳᠠᠯ᠎ᠠ ᠨᠤᠳᠤᠭ ᠤᠨ ᠬᠠᠢ᠌ᠭᠤᠯᠴᠢᠨ ᠭᠡᠵᠤ ᠢᠳᠡᠭᠡᠵᠤ ᠥᠨᠡᠯᠡᠭ᠍ᠰᠡᠨ ᠤ ᠦᠷ᠎ᠡ ᠳ᠋ᠦ᠋ᠩ ᠪᠠᠢ᠌ᠬᠤ ᠳ᠋ᠠ᠃

ᠨᠤᠳᠤᠭ ᠤᠨ ᠴᠢᠨ᠋ᠸ᠎ᠠ ᠴᠢᠮᠡᠭᠡ ᠠᠨᠢᠷ ᠦᠭᠡᠶ ᠪᠣᠯᠤᠭᠠᠤᠨ ᠣᠳᠠᠯ᠎ᠠ᠃ ᠳᠠᠷᠠ ᠮᠠᠨᠢ ᠰᠢᠯᠢ ᠶᠢᠨ ᠭᠤᠤᠯ ᠤᠨ ᠴᠢᠨ᠋ᠸ᠎ᠠ ᠰᠢᠭ᠌ ᠳᠠᠭᠢᠨ ᠪᠣᠴᠠᠭᠠᠤᠨ ᠢᠷᠡᠴᠢᠭᠡᠭᠦ ᠭᠡᠵᠤ ᠦᠦ ︖


                 ᠪᠠᠢ᠌ᠯᠳᠤᠵᠤ ᠳᠠᠢ᠌ᠳᠤᠭᠰᠠᠨ ᠳᠡᠦᠭᠡ


ᠪᠠᠭᠠᠷᠢᠨ ᠵᠡᠭᠦᠨ ᠬᠤᠰᠢᠭᠤ ᠪᠣᠯ ᠡᠷᠳᠡᠨ ᠤ ᠯᠢᠶᠤᠤ ᠣᠯᠤᠰ ᠤᠨ ᠳᠡᠭᠡᠳᠤ ᠨᠠᠢ᠌ᠰᠯᠠᠯ ᠯᠢᠨ ᠬᠤᠸᠠᠩ ᠹᠦ᠋ (ᠰᠢᠷᠠᠮᠦ᠋ᠷᠠᠨ ᠤ ᠭᠦᠪᠠᠭᠡᠨ ᠳ᠋ᠠᠭᠢ ᠣᠷᠳᠤᠨ) ᠣᠷᠳᠤᠨ ᠤ ᠪᠠᠢ᠌ᠭᠤᠯᠤᠭᠳᠠᠵᠤ ᠰᠠᠭᠤᠷᠢᠰᠢᠭᠰᠠᠨ ᠭᠠᠵᠠᠷ ᠪᠣᠯᠤᠨ᠎ᠠ᠃ ᠯᠢᠶᠤᠤ ᠣᠯᠤᠰ ᠨᠢ ᠳᠤᠮᠳᠠᠳᠤ ᠣᠯᠤᠰ ᠤᠨ ᠳᠡᠦᠭᠡᠨ ᠳᠡᠭᠡᠷᠡᠭᠢ ᠳᠠᠯ᠎ᠠ ᠨᠤᠳᠤᠭ ᠤᠨ ᠮᠤᠷᠢᠳᠠᠨ ᠦᠨᠳᠦᠰᠦᠳᠠᠨ ᠤ ᠬᠠᠮᠤᠭ ᠡᠷᠳᠡ ᠪᠠᠢ᠌ᠭᠤᠯᠤᠭᠰᠠᠨ ᠬᠠᠭᠠᠠᠳᠤ ᠣᠯᠤᠰ ᠪᠣᠯᠬᠤ ᠶᠤᠮ᠃ ᠡᠷᠳᠡ ᠴᠠᠭ ᠲᠤ᠂ ᠰᠠᠷᠠᠯ ᠮᠤᠷᠢ ᠣᠨᠤᠭᠰᠠᠨ ᠳᠡᠭ᠍ᠷᠢ ᠶᠢᠨ ᠰᠠᠭᠢᠭᠤᠯᠰᠤᠨ ᠭᠢᠭᠡᠳ ᠭᠦᠭᠡ ᠥᠭᠡᠷᠳᠤ ᠳᠡᠷᠭᠡᠨ ᠳᠤ ᠰᠠᠭᠤᠭᠰᠠᠨ ᠳᠡᠭ᠍ᠷᠢ ᠶᠢᠨ ᠣᠷᠳᠤᠨ ᠤ ᠭᠡᠦᠭᠡᠨ ᠨᠢ ᠳᠡᠭᠡᠳᠤ ᠳᠡᠭ᠍ᠷᠢ ᠡᠴᠠ ᠪᠠᠭᠤᠵᠤ ᠯᠤᠤᠬ᠎ᠠ ᠶᠢᠨ ᠭᠤᠤᠯ ᠪᠠ ᠰᠢᠷᠠᠮᠦ᠋ᠷᠠᠨ ᠤ ᠠᠭᠤᠯᠵᠠᠷ ᠭᠠᠵᠠᠷ ᠲᠤ ᠠᠭᠤᠯᠵᠠᠨ ᠭᠡᠷ ᠡᠷᠦᠭᠡ ᠪᠣᠰᠬᠠᠭᠠᠤᠨ ᠨᠢ᠋ᠮᠠᠨ ᠭᠦᠪᠠᠭᠦᠨ ᠲᠡᠶ ᠪᠣᠯᠵᠤ᠂ ᠡᠨᠡ ᠨᠢ᠋ᠮᠠᠨ ᠭᠦᠤ ᠨᠢ ᠡᠷᠳᠡᠨ ᠤ ᠭᠢᠳᠠᠨ ᠤ ᠨᠢ᠋ᠮᠠᠨ ᠠᠢ᠌ᠮᠠᠭ ᠤᠨ ᠠᠬᠠᠯᠠᠭᠴᠢ ᠳᠦᠷᠦᠭᠦᠤ ᠪᠣᠯᠵᠠᠢ ᠭᠡᠳᠡᠭ᠌᠃ ᠳᠠᠩ ᠣᠯᠤᠰ ᠨᠢ ᠦᠷᠨᠢᠭᠦᠨ ᠭᠦᠭ᠍ᠵᠢᠯᠳᠡ ᠲᠡᠶ ᠪᠠᠢ᠌ᠬᠤ ᠦᠶᠡᠰ᠂ ᠭᠢᠳᠠᠨ ᠤ ᠨᠢᠭᠡ ᠠᠢ᠌ᠮᠠᠭ ᠨᠢ ᠭᠡᠦᠭᠡᠨ ᠶᠢᠡᠨ ᠬᠠᠭᠠᠨ ᠤ ᠣᠭᠰᠠᠭ᠎ᠠ ᠳᠤ ᠪᠣᠭᠳᠤᠯᠤᠨ ᠦᠭ‍ᠭᠦᠭ᠍ᠰᠡᠨ ᠡᠴᠠ ᠳᠤᠬᠠᠢ ᠶᠢᠨ ᠦᠶ᠎ᠡ ᠳᠤ ᠭᠢᠳᠠᠨ ᠤ ᠣᠪᠣᠭ ᠢ ᠬᠠᠭᠠᠨ ᠤ ᠣᠪᠣᠭ ᠢ ᠳᠠᠭᠠᠭᠤᠯᠤᠨ 《ᠯᠢ》 ᠭᠡᠵᠤ ᠨᠡᠷᠡᠯᠡᠭᠦ ᠪᠣᠯᠵᠠᠢ ᠭᠡᠳᠡᠭ᠌᠃ ᠡᠤ ᠽᠧ ᠳᠢᠶᠠᠨ ᠤ ᠦᠶ᠎ᠡ ᠪᠣᠯᠬᠤ ᠳᠤ᠂ ᠡᠨᠡᠭᠦ ᠶᠡᠷᠦᠮᠳᠡᠭ᠌ ᠪᠣᠰᠤ ᠭᠡᠯᠪᠠᠷᠢ ᠪᠠᠷ ᠬᠠᠭᠠᠨ ᠰᠠᠭᠤᠷᠢᠨ ᠳᠤ ᠳᠠᠪᠰᠢᠭᠰᠠᠨ ᠡᠮᠡᠭ᠍ᠳᠡᠢ ᠬᠠᠭᠠᠨ ᠨᠢ ᠣᠯᠤᠰ ᠤᠨ ᠴᠤᠯᠠ ᠪᠠᠨ ᠥᠭᠡᠷᠡᠴᠢᠯᠡᠵᠤ ᠬᠠᠭᠠᠨ ᠤ ᠣᠪᠣᠭ ᠢ 《ᠡᠤ》 ᠭᠡᠵᠤ ᠬᠠᠯᠠᠬᠤ ᠪᠠᠷ ᠣᠷᠤᠯᠳᠤᠭᠰᠠᠨ ᠪᠣᠯᠬᠤᠷ ᠭᠢᠳᠠᠠᠴᠤᠳ ᠨᠢ 《ᠮᠠᠨ ᠤ ᠰᠢᠳᠦᠳᠡᠭ᠌ ᠨᠢ ᠯᠢ ᠣᠪᠣᠭᠳᠤ ᠬᠠᠭᠠᠨ᠂ ᠡᠤ ᠣᠪᠣᠭᠳᠠᠢ ᠬᠠᠭᠠᠨ ᠢ ᠴᠢᠨᠢ ᠪᠢᠳᠠ ᠳᠠᠭᠠᠬᠤ ᠦᠭᠡᠶ》 ᠭᠡᠰᠡᠨ ᠳᠤ ᠳᠦᠷᠤ ᠶᠢᠨ ᠴᠡᠷᠢᠭ᠌ ᠤᠨ ᠶᠡᠭᠡ ᠭᠢᠬᠠᠯᠳᠠ ᠳᠤ ᠣᠴᠠᠷᠠᠵᠤ᠂ ᠭᠢᠳᠠᠨ ᠠᠢ᠌ᠮᠠᠭ ᠪᠠ ᠳᠦᠷᠤ ᠵᠠᠰᠠᠭ ᠤᠨ ᠬᠤᠭᠤᠷᠤᠠᠳᠤᠭᠢ ᠬᠠᠷᠢᠴᠠᠭ᠎ᠠ ᠨᠢ ᠶᠡᠭᠡ ᠪᠠᠷ ᠡᠪᠳᠡᠷᠡᠭ᠍ᠰᠡᠨ ᠪᠠᠢ᠌ᠨ᠎ᠠ᠃ ᠳᠠᠩ ᠣᠯᠤᠰ ᠨᠢ 《ᠠᠨ ᠱᠢ ᠶᠢᠨ ᠣᠷᠪᠠᠯᠭᠠᠨ》 ᠊ᠤ ᠦᠶ᠎ᠡ ᠪᠣᠯᠬᠤ ᠳᠤ ᠪᠠᠭᠤᠷᠠᠯᠳᠠ ᠶᠢᠨ ᠬᠤᠭᠤᠴᠠᠭᠠᠨ ᠳᠤ ᠣᠷᠤᠭᠰᠠᠨ ᠪᠣᠯᠬᠤᠷ ᠭᠢᠳᠠᠨ ᠠᠢ᠌ᠮᠠᠭ ᠨᠢ ᠣᠪᠣᠭ ᠶᠢᠡᠨ ᠳᠠᠭᠢᠨ ᠰᠡᠷᠭᠦᠭᠡᠵᠤ ᠣᠷᠪᠠᠯᠭᠠᠨ ᠡᠭᠦᠰᠭᠡᠵᠤ ᠳᠤᠰᠠᠭᠠᠷ ᠣᠯᠤᠰ ᠪᠠᠢ᠌ᠭᠤᠯᠬᠤ ᠠᠩᠬᠠᠨ ᠤ ᠠᠯᠬᠤᠮ ᠶᠢᠡᠨ ᠡᠭᠢᠯᠡᠭᠦᠯᠵᠡᠢ᠃ ᠨᠠᠢ᠌ᠳᠠ ᠶᠢᠨ ᠣᠨ ᠳᠤᠭᠠᠯᠠᠯ ᠤᠨ 916 ᠣᠨ ᠳᠤ ᠶ‍ᠸᠯᠢᠤᠢ ᠠᠪᠣᠤᠵᠢ ᠣᠮᠠᠷᠠᠳᠤ ᠶᠢᠨ ᠭᠠᠵᠠᠷ ᠨᠤᠳᠤᠭ ᠢ ᠨᠢᠭᠡᠳᠭᠡᠵᠤ 《ᠶᠡᠭᠡ ᠭᠢᠳᠠᠨ ᠣᠯᠤᠰ》 (ᠰᠡᠭᠦᠯᠡᠷ ᠨᠢ ᠯᠢᠶᠤᠤ ᠭᠡᠵᠤ ᠬᠠᠯᠠᠭᠠᠤᠨ ᠬᠤᠶᠠᠷ ᠨᠠᠷ᠎ᠠ ᠶᠢ ᠭᠡᠳᠦᠡᠳᠡ ᠰᠤᠯᠢᠵᠤ ᠭᠡᠷᠡᠭᠯᠡᠵᠡᠢ ᠬᠤᠵᠢᠮ ᠨᠢ ᠨᠢᠭᠡᠳᠭᠡᠭᠡᠳ ᠯᠢᠶᠤᠤ ᠭᠡᠵᠤ ᠳᠠᠭᠤᠳᠠᠬᠤ ᠪᠣᠯᠵᠠᠢ) ᠊ᠢ ᠴᠤᠭᠴᠠᠯᠠᠨ ᠪᠠᠢ᠌ᠭᠤᠯᠵᠤ᠂ ᠣᠮᠠᠷᠠᠳᠤ ᠶᠢᠨ ᠭᠠᠵᠠᠷ ᠨᠤᠳᠤᠭ ᠲᠤ 9 ᠬᠠᠭᠠᠨ ᠣᠯᠠᠷᠢᠨ ᠰᠠᠭᠤᠵᠤ 210 ᠵᠢᠯ ᠨᠤᠶᠠᠷᠬᠠᠯ ᠶᠢᠡᠨ ᠦᠷᠭᠦᠯᠵᠢᠯᠡᠭᠦᠯᠵᠡᠢ᠃ ᠡᠭᠦᠨ ᠡᠴᠠ ᠨᠡᠭᠦᠳᠡᠯ ᠮᠠᠯᠵᠢᠯ ᠤᠨ ᠪᠣᠯᠪᠠᠰᠤᠨ ᠨᠢ ᠰᠢᠨ᠎ᠠ ᠦᠷᠨᠢᠯᠳᠠ ᠶᠢᠨ ᠬᠤᠭᠤᠴᠠᠭᠠᠨ ᠳᠠᠭᠠᠨ ᠣᠷᠤᠵᠤ᠂ ᠳᠠᠷᠢᠶᠠᠯᠠᠩ ᠤᠨ ᠪᠣᠯᠪᠠᠰᠤᠨ ᠲᠡᠶ ᠬᠠᠷᠢᠯᠴᠠᠨ ᠠᠭᠤᠰᠤᠯᠴᠠᠨ ᠨᠠᠪᠴᠢᠵᠤ᠂ ᠬᠠᠷᠢᠯᠴᠠᠨ ᠠᠭᠢᠭᠤᠯᠤᠯᠴᠠᠵᠤ᠂ ᠳᠤᠮᠳᠠᠳᠤ ᠣᠯᠤᠰ ᠤᠨ ᠳᠡᠦᠭᠡᠨ ᠬᠠᠭᠤᠳᠠᠰᠤᠨ ᠳᠤ ᠮᠠᠰᠢ ᠣᠯᠠᠨ ᠰᠢᠨ᠎ᠠ ᠭᠠᠢ᠌ᠬᠠᠮᠰᠢᠭ ᠢ ᠡᠭᠦᠳᠦᠭ᠍ᠰᠡᠨ ᠪᠠᠢ᠌ᠨ᠎ᠠ᠃ ᠯᠢᠶᠤᠤ ᠣᠯᠤᠰ ᠤᠨ ᠳᠤᠤᠷᠠᠭᠢ ᠮᠠᠳᠤ ᠭᠡᠳᠤᠨ ᠳᠠᠯ᠎ᠠ ᠶᠢᠨ ᠡᠭᠦᠳᠦᠯᠳᠡ ᠨᠢ ᠬᠤᠵᠢᠮ ᠤᠨ ᠭᠦᠮᠦᠰ ᠤᠨ ᠰᠤᠶᠤᠯ᠂ ᠣᠯᠤᠰ ᠳᠦᠷᠤ᠂ ᠴᠡᠷᠢᠭ᠌ ᠳᠠᠢ᠌ᠨ᠂ ᠠᠵᠤ ᠠᠬᠤᠢ ᠳᠤ ᠳᠤᠩ ᠶᠡᠭᠡ ᠨᠥᠯᠦᠭᠡ ᠳᠤᠰᠬᠠᠯ ᠢ ᠥᠵᠡᠭᠦᠯᠦᠭ᠍ᠰᠡᠨ ᠪᠠᠢ᠌ᠳᠠᠭ᠃

ᠨᠢᠭᠡ᠂ 《ᠰᠤᠩᠭ᠋ᠤᠭᠤᠯᠢ ᠶᠢᠨ ᠳᠦᠷᠢᠮ》 ᠪᠠ 《ᠨᠢᠭᠡ ᠣᠯᠤᠰ ᠬᠤᠶᠠᠷ ᠪᠠᠢ᠌ᠭᠤᠯᠤᠯ》 ᠬᠠᠮᠢᠶᠠᠷᠤᠯᠳᠠ ᠶᠢᠨ ᠳᠦᠷᠢᠮ ᠢ ᠴᠤᠭᠴᠠᠯᠠᠨ ᠪᠠᠢ᠌ᠭᠤᠯᠵᠠᠢ᠃ ᠡᠭᠢᠨ ᠳᠡᠭᠡᠨ ᠭᠢᠳᠠᠨ ᠤ ᠡᠯ᠎ᠡ ᠠᠢ᠌ᠮᠠᠭ ᠨᠢ ᠭᠤᠷᠪᠠᠨ ᠵᠢᠯ ᠳᠤ ᠨᠢᠭᠡ ᠣᠳᠠᠭ᠎ᠠ ᠪᠦᠭᠦ ᠠᠷᠠᠤᠨ ᠤᠨ ᠰᠤᠩᠭ᠋ᠤᠭᠤᠯᠢ ᠶᠠᠪᠣᠭᠤᠯᠵᠤ ᠠᠬᠠᠯᠠᠭᠴᠢ ᠪᠠᠨ ᠳᠤᠭᠳᠠᠭᠠᠨ᠎ᠠ᠃ ᠠᠢ᠌ᠮᠠᠭ ᠤᠨ ᠠᠬᠠᠯᠠᠭᠴᠢ ᠨᠢ ᠦᠷᠭᠦᠯᠵᠢᠯᠡᠨ ᠰᠤᠩᠭ᠋ᠤᠭᠳᠠᠵᠤ ᠪᠣᠯᠤᠨ᠎ᠠ᠂ ᠭᠡᠪᠠᠴᠤ ᠵᠥᠪᠭᠡᠨ ᠠᠬᠠᠯᠠᠭᠴᠢ ᠶᠢᠨ ᠣᠭᠰᠠᠭᠠᠨ ᠤ ᠳᠤᠳᠤᠷ᠎ᠠ ᠡᠴᠠ ᠰᠤᠩᠭ᠋ᠤᠭᠳᠠᠬᠤ ᠭᠦᠮᠤᠨ ᠶᠢᠡᠨ ᠳᠤᠭᠳᠠᠭᠠᠬᠤ ᠡᠴᠠ ᠪᠢᠰᠢ ᠪᠣᠰᠤᠳ ᠣᠭᠰᠠᠭᠠᠨ ᠡᠴᠠ ᠠᠬᠠᠯᠠᠭᠴᠢ ᠶᠢ ᠰᠤᠩᠭ᠋ᠤᠵᠤ ᠪᠣᠯᠬᠤ ᠦᠭᠡᠶ᠃ ᠠᠢ᠌ᠮᠠᠭ ᠤᠨ ᠠᠬᠠᠯᠠᠭᠴᠢ ᠨᠢ ᠰᠤᠩᠭ᠋ᠤᠭᠳᠠᠭᠰᠠᠨ ᠤ ᠳᠠᠷᠠᠭ᠎ᠠ ᠦᠷᠭᠡᠨ ᠳᠠᠯ᠎ᠠ ᠶᠢᠨ ᠳᠤᠮᠳᠠ ᠴᠠᠢ᠌ᠵᠠ ᠳᠠᠪᠴᠠᠩ ᠪᠣᠰᠬᠠᠨ ᠲᠦᠯᠡᠭᠡ ᠮᠤᠳᠤ ᠨᠤᠴᠤᠭᠠᠨ ᠥᠭᠡᠷ ᠮᠤᠷᠢ ᠠᠯᠠᠠᠵᠤ ᠡᠪᠦᠭᠡ ᠳᠡᠭᠡᠳᠦᠰ ᠶᠢᠡᠨ ᠳᠠᠭᠢᠵᠤ ᠣᠯᠠᠨ ᠶᠢᠡᠨ ᠪᠠᠶᠠᠰᠬᠠᠬᠤ ᠶᠡᠭᠡ ᠶᠤᠰᠤᠯᠠᠯ ᠢ ᠶᠠᠪᠣᠭᠤᠯᠳᠠᠭ᠃ ᠡᠨᠡᠭᠦ ᠳᠦᠷᠢᠮ ᠨᠢ ᠶ‍ᠸᠯᠢᠤᠢ ᠠᠪᠣᠤᠵᠢ ᠬᠠᠭᠠᠨ ᠰᠠᠭᠤᠷᠢᠨ ᠳᠤ ᠰᠠᠭᠤᠳᠠᠯ᠎ᠠ ᠶᠠᠪᠣᠭᠳᠠᠵᠤ᠂ ᠬᠠᠭᠠᠨ ᠤ ᠰᠠᠭᠤᠷᠢ ᠵᠠᠯᠭᠠᠮᠵᠢᠯᠠᠬᠤ ᠶᠤᠰᠤ ᠨᠢ ᠳᠤᠮᠳᠠᠳᠤ ᠣᠷᠤᠨ ᠡᠴᠠ ᠣᠯᠠᠮᠵᠢᠯᠠᠭᠰᠠᠨ ᠪᠣᠯᠬᠤᠷ ᠰᠤᠩᠭ᠋ᠤᠭᠤᠯᠢ ᠶᠢᠨ ᠳᠦᠷᠢᠮ ᠢ ᠦᠷᠭᠦᠯᠵᠢᠯᠡᠨ ᠭᠡᠷᠡᠭ᠍ᠵᠢᠭᠦᠯᠭᠦ ᠪᠠᠨ ᠵᠤᠭᠰᠤᠵᠠᠢ᠃ ᠯᠢᠶᠤᠤ ᠣᠯᠤᠰ ᠪᠠᠢ᠌ᠭᠤᠯᠤᠭᠳᠠᠭᠰᠠᠨ ᠤ ᠳᠠᠷᠠᠭ᠎ᠠ᠂ ᠣᠯᠤᠰ ᠤᠨ ᠳᠤᠳᠤᠷ᠎ᠠ ᠣᠯᠠᠨ ᠣᠳᠠᠭᠠᠨ ᠤ ᠳᠠᠢ᠌ᠨ ᠪᠠᠢ᠌ᠯᠳᠤᠭᠠᠨ ᠳᠤ ᠣᠯᠵᠠᠯᠠᠭᠳᠠᠭᠰᠠᠨ ᠳᠤᠮᠳᠠᠳᠤ ᠣᠷᠤᠨ ᠤ ᠭᠢᠳᠠᠤᠨ ᠦᠨᠳᠦᠰᠦᠳᠠᠨ ᠤ ᠭᠦᠮᠤᠨ ᠠᠮᠠ ᠨᠢ ᠪᠠᠰᠠ ᠨᠠᠯᠢᠶᠠᠤᠨ ᠣᠯᠠᠨ ᠪᠠᠢ᠌ᠵᠤ᠂ ᠳᠠᠳᠠᠨ ᠤ ᠠᠮᠤ ᠪᠣᠷᠴᠠᠭ ᠳᠠᠷᠢᠬᠤ᠂ ᠰᠢᠷᠭᠡᠭ᠌ ᠨᠡᠭᠡᠭᠦ ᠵᠡᠷᠭᠡ ᠳᠠᠷᠢᠶᠠᠯᠠᠩ ᠤᠨ ᠪᠣᠯᠪᠠᠰᠤᠨ ᠨᠢ ᠳᠦᠷᠤ ᠭᠦᠷᠤᠨ ᠤ ᠪᠠᠢ᠌ᠭᠤᠯᠤᠯᠳᠠ ᠳᠤ ᠳᠤᠩ ᠶᠡᠭᠡ ᠢᠳᠠᠪᠭᠢ ᠣᠢ᠌ᠯᠠᠳᠤᠯ ᠥᠵᠡᠭᠦᠯᠵᠤ ᠪᠠᠢ᠌ᠵᠠᠢ᠃ ᠭᠡᠪᠠᠴᠤ ᠭᠢᠳᠠᠤᠨ ᠦᠨᠳᠦᠰᠦᠳᠠᠨ ᠨᠢ ᠭᠢᠳᠠᠠᠴᠤᠳ ᠤᠨ ᠠᠩ ᠭᠦᠷᠦᠭᠡ ᠭᠢᠵᠤ ᠮᠠᠯ ᠠᠵᠤ ᠠᠬᠤᠢ ᠶᠢ ᠡᠷᠭᠢᠮᠯᠡᠭᠦ ᠠᠮᠢᠳᠤᠷᠠᠯ ᠤᠨ ᠳᠠᠳᠬᠠᠯ ᠳᠤ ᠵᠤᠭᠢᠴᠠᠬᠤ ᠦᠭᠡᠶ ᠪᠠᠢ᠌ᠵᠤ᠂ ᠭᠦᠮᠤᠨ ᠠᠮᠠ ᠨᠢ ᠶᠡᠭᠡ ᠭᠡᠮᠵᠢᠶ᠎ᠡ ᠪᠠᠷ ᠨᠤᠳᠤᠭ ᠵᠥᠭ᠌ ᠶᠢᠡᠨ ᠳᠤᠳᠠᠭᠠᠨ ᠶᠠᠪᠣᠭᠰᠠᠨ ᠪᠠᠢ᠌ᠳᠠᠯ ᠡᠭᠦᠰᠴᠡᠢ᠃ ᠡᠨᠡ ᠪᠠᠢ᠌ᠳᠠᠯ ᠳᠤ ᠴᠢᠭᠯᠡᠭᠦᠯᠦᠭ᠍ᠰᠡᠨ ᠶ‍ᠸᠯᠢᠤᠢ ᠠᠪᠣᠤᠵᠢ ᠶᠢᠨ ᠣᠯᠤᠰ ᠶᠢᠡᠨ ᠵᠠᠰᠠᠬᠤ ᠠᠷᠭ᠎ᠠ ᠪᠣᠳᠤᠯᠭ᠎ᠠ ᠨᠢ ᠣᠤᠯ ᠤᠨ ᠹᠧᠥᠳᠠᠯ ᠤᠨ ᠬᠠᠭᠠᠠᠳᠤ ᠣᠯᠤᠰ ᠤᠨ ᠬᠠᠮᠢᠶᠠᠷᠤᠯᠳᠠ ᠶᠢᠨ ᠳᠦᠷᠢᠮ ᠢ ᠣᠤᠯ ᠭᠡᠪ ᠶᠢᠡᠷ ᠨᠢ ᠭᠡᠷᠡᠭᠯᠡᠭ᠍ᠰᠡᠨ ᠦᠭᠡᠶ ᠮᠦᠷᠳᠡᠭᠡᠨ ᠭᠢᠳᠠᠨ ᠤ ᠬᠠᠨ ᠵᠠᠰᠠᠭ ᠤᠨ ᠬᠠᠮᠢᠶᠠᠷᠤᠯᠳᠠ ᠶᠢᠨ ᠳᠦᠷᠢᠮ ᠢ ᠬᠤᠪᠢᠯᠭᠠᠯ ᠦᠭᠡᠶ ᠭᠡᠷᠡᠭᠯᠡᠭ᠍ᠰᠡᠨ ᠪᠢᠰᠢ᠂ ᠬᠠᠷᠢᠨ ᠣᠯᠤᠰ ᠳᠦᠷᠤ ᠶᠢᠨ ᠡᠷᠭᠡ ᠶᠢᠨ ᠪᠠᠢ᠌ᠭᠤᠯᠤᠮᠵᠢ ᠶᠢᠨ ᠳᠠᠯ᠎ᠠ ᠪᠠᠷ ᠬᠤᠶᠠᠷ ᠢᠵᠢ ᠬᠠᠮᠢᠶᠠᠷᠤᠯᠳᠠ ᠶᠢᠨ ᠪᠣᠳᠤᠯᠭ᠎ᠠ ᠶᠢ ᠳᠤᠭᠳᠠᠭᠠᠵᠤ᠂ ᠨᠢᠭᠡ ᠨᠢ ᠡᠮᠦᠨ᠎ᠡ ᠬᠣᠢ᠌ᠨ᠎ᠠ ᠵᠤᠷᠭᠠᠨ ᠤ ᠣᠷᠳᠤᠨ ᠵᠡᠷᠭᠡ ᠬᠠᠮᠢᠶᠠᠷᠤᠯᠳᠠ ᠶᠢᠨ ᠪᠠᠢ᠌ᠭᠤᠯᠤᠮᠵᠢ ᠶᠢ ᠥᠯᠡᠳᠡᠭᠡᠵᠤ᠂ ᠭᠢᠳᠠᠨ ᠦᠨᠳᠦᠰᠦᠳᠠᠨ ᠤ ᠶᠠᠪᠣᠳᠠᠯ ᠢ ᠬᠠᠮᠢᠶᠠᠷᠤᠭᠤᠯᠵᠠᠢ᠃ ᠨᠥᠭᠦᠭᠡ ᠨᠢ ᠭᠢᠳᠠᠤᠨ ᠤᠨ ᠵᠤᠷᠭᠠᠨ ᠢ ᠡᠭᠦᠳᠤᠨ ᠪᠠᠢ᠌ᠭᠤᠯᠵᠤ᠂ ᠳᠠᠷᠢᠶᠠᠯᠠᠩ ᠤᠨ ᠦᠨᠳᠦᠰᠦᠨ ᠠᠵᠢᠯ ᠶᠠᠪᠣᠳᠠᠯ ᠢ ᠬᠠᠮᠢᠶᠠᠷᠤᠭᠤᠯᠤᠭᠠᠤᠨ ᠳᠤᠮᠳᠠᠳᠤ ᠶᠢᠨ ᠳᠡᠦᠭᠡᠨ ᠳᠤ ᠣᠳᠤ ᠪᠣᠯᠳᠠᠯ᠎ᠠ ᠣᠯᠠᠮᠵᠢᠯᠠᠭᠳᠠᠵᠤ ᠪᠠᠢ᠌ᠭ᠎ᠠ 《ᠨᠢᠭᠡ ᠣᠯᠤᠰ ᠬᠤᠶᠠᠷ ᠪᠠᠢ᠌ᠭᠤᠯᠤᠯ》 ᠊ᠤᠨ ᠳᠦᠷᠢᠮ ᠢ ᠳᠤᠭᠳᠠᠭᠠᠭᠰᠠᠨ ᠪᠠᠢ᠌ᠨ᠎ᠠ᠃

ᠬᠤᠶᠠᠷ᠂ ᠦᠨᠳᠦᠰᠦᠳᠠᠨ ᠤ ᠥᠭᠡ ᠭᠡᠯᠡ ᠥᠰᠦᠭ᠌ ᠪᠢᠴᠢᠭ᠌ ᠶᠢᠡᠨ ᠵᠤᠬᠢᠶᠠᠨ ᠭᠡᠷᠡᠭᠯᠡᠵᠡᠢ᠃ ᠯᠢᠶᠤᠤ ᠣᠯᠤᠰ ᠪᠠᠢ᠌ᠭᠤᠯᠤᠭᠳᠠᠬᠤ ᠦᠶᠡᠰ᠂ ᠭᠢᠳᠠᠠᠴᠤᠳ ᠶᠢᠡᠷ ᠭᠤᠤᠯᠯᠠᠭᠰᠠᠨ ᠨᠡᠭᠦᠳᠡᠯ ᠮᠠᠯᠵᠢᠯ ᠤᠨ ᠦᠨᠳᠦᠰᠦᠳᠠᠨ ᠤ ᠥᠭᠡ ᠭᠡᠯᠡ ᠨᠢ ᠠᠯᠳᠠᠢ ᠥᠭᠡᠰ ᠤᠨ ᠢᠵᠠᠭᠤᠷ ᠲᠤ ᠬᠠᠷᠢᠶᠠᠯᠠᠭᠳᠠᠵᠤ᠂ ᠳᠤᠰᠠᠭᠠᠷ ᠥᠰᠦᠭ᠌ ᠪᠢᠴᠢᠭ᠌ ᠦᠭᠡᠶ ᠪᠣᠶᠤ ᠭᠡᠰᠡᠭ᠌ ᠭᠦᠮᠦᠰ ᠨᠢ ᠳᠦᠵᠢᠤᠸᠠᠢ (︖) ᠥᠰᠦᠭ᠌ ᠪᠣᠶᠤ ᠭᠢᠳᠠᠤᠨ ᠥᠰᠦᠭ᠌ ᠢ ᠭᠡᠷᠡᠭᠯᠡᠵᠤ ᠪᠠᠢ᠌ᠵᠠᠢ᠃ ᠠᠪᠣᠤᠵᠢ ᠬᠠᠭᠠᠨ ᠡᠳᠡᠭᠡᠷ ᠰᠢᠯᠢᠳᠡᠭ᠌ ᠦᠨᠳᠦᠰᠦᠳᠠᠨ ᠤ ᠥᠰᠦᠭ᠌ ᠪᠢᠴᠢᠭ᠌ ᠤᠨ ᠰᠠᠭᠤᠷᠢᠨ ᠳᠤ ᠦᠪᠡᠷ ᠤᠨ ᠦᠨᠳᠦᠰᠦᠳᠠᠨ ᠤ ᠥᠰᠦᠭ᠌ ᠪᠢᠴᠢᠭ᠌ ᠶᠢᠡᠨ ᠡᠭᠦᠳᠤᠨ ᠵᠤᠬᠢᠶᠠᠭᠰᠠᠨ ᠪᠠᠢ᠌ᠨ᠎ᠠ᠃ ᠨᠢᠭᠡ ᠨᠢ ᠭᠢᠳᠠᠤᠨ ᠥᠰᠦᠭ᠌ ᠢ ᠳᠠᠭᠤᠷᠢᠶᠠᠨ ᠵᠤᠬᠢᠶᠠᠭᠰᠠᠨ ᠶᠡᠭᠡ ᠥᠰᠦᠭ᠌ ᠪᠣᠯᠤᠨ᠎ᠠ᠃ ᠡᠨᠡ ᠥᠰᠦᠭ᠌ ᠨᠢ ᠪᠢᠴᠢᠵᠤ ᠰᠤᠷᠬᠤ ᠳᠤ ᠮᠠᠰᠢ ᠶᠡᠭᠡ ᠭᠦᠴᠢᠷᠳᠡᠢ ᠪᠠᠢ᠌ᠭᠰᠠᠨ ᠪᠣᠯᠬᠤᠷ ᠦᠷᠭᠡᠨ ᠭᠡᠪᠴᠢᠶ᠎ᠡ ᠪᠠᠷ ᠳᠦᠭᠡᠮᠡᠯᠵᠡᠵᠤ ᠴᠢᠳᠠᠭᠰᠠ ᠦᠭᠡᠶ᠃ ᠨᠥᠭᠦᠭᠡ ᠨᠢ ᠬᠤᠢ ᠾᠧ ᠥᠰᠦᠭ᠌ ᠢ ᠳᠠᠭᠤᠷᠢᠶᠠᠨ ᠵᠤᠬᠢᠶᠠᠭᠰᠠᠨ ᠪᠠᠭ᠎ᠠ ᠥᠰᠦᠭ᠌ ᠪᠣᠯᠤᠨ᠎ᠠ᠃ ᠡᠨᠡ ᠨᠢ ᠨᠠᠢ᠌ᠳᠠ 300 ᠭᠠᠷᠤᠢ ᠠᠪᠢᠶᠠᠨ ᠤ ᠳᠡᠮᠳᠡᠭ᠌ ᠲᠡᠶ ᠪᠠᠢ᠌ᠵᠤ᠂ ᠭᠢᠳᠠᠨ ᠭᠡᠯᠡᠯᠭᠡ ᠲᠡᠶ ᠨᠠᠯᠢᠶᠠᠤᠨ ᠨᠡᠢ᠌ᠴᠡᠭᠦ ᠪᠣᠯᠬᠤᠷ ᠳᠠᠭᠤᠳᠠᠯᠭ᠎ᠠ ᠪᠢᠴᠢᠯᠭᠡ ᠨᠢ ᠪᠦᠷ ᠨᠠᠯᠢᠶᠠᠤᠨ ᠳᠦᠭᠦᠮ ᠪᠠᠢ᠌ᠵᠤ ᠣᠳᠠᠯ ᠦᠭᠡᠶ ᠳᠦᠭᠡᠮᠡᠯᠵᠢᠨ ᠭᠡᠷᠡᠭᠯᠡᠳᠡᠵᠡᠢ᠃ ᠭᠡᠪᠠᠴᠤ ᠳᠤᠬᠠᠢ ᠶᠢᠨ ᠦᠶ᠎ᠡ ᠶᠢᠨ ᠨᠢᠭᠤᠴᠠ ᠶᠢ ᠬᠠᠮᠠᠭᠠᠯᠠᠬᠤ ᠱᠠᠭᠠᠷᠳᠠᠯᠭ᠎ᠠ ᠡᠴᠠ ᠪᠣᠯᠵᠤ᠂ ᠬᠤᠶᠠᠷ ᠵᠣᠢ᠌ᠯ ᠤᠨ ᠥᠰᠦᠭ᠌ ᠪᠢᠴᠢᠭ᠌ ᠢ ᠴᠦᠮ ᠭᠢᠳᠠᠠᠴᠤᠳ ᠤᠨ ᠳᠤᠳᠤᠷ᠎ᠠ ᠪᠠᠨ ᠭᠡᠪᠴᠢᠶᠡᠵᠢᠭᠦᠯᠤᠨ ᠭᠡᠷᠡᠭᠯᠡᠭᠡᠳ ᠭᠠᠳᠠᠭᠰᠢ ᠪᠠᠨ ᠳᠦᠭᠡᠮᠡᠯᠵᠢᠭᠦᠯᠭᠦ ᠶᠢ ᠠᠩᠬᠠᠷᠤᠭᠰᠠᠨ ᠦᠭᠡᠶ ᠡᠴᠠ ᠳᠤᠬᠠᠢ ᠶᠢᠨ ᠦᠶ᠎ᠡ ᠳᠤ ᠵᠡᠷᠭᠡᠴᠡᠨ ᠳᠤᠭᠳᠠᠨᠢᠵᠤ ᠪᠠᠢ᠌ᠭᠰᠠᠨ ᠰᠦᠩ ᠣᠯᠤᠰ ᠨᠢ ᠴᠤ ᠭᠢᠳᠠᠨ ᠥᠰᠦᠭ᠌ ᠪᠢᠴᠢᠭ᠌ ᠢ ᠮᠡᠳᠡᠭᠦ ᠦᠭᠡᠶ ᠭᠡᠳᠡᠭ᠌᠃ ᠡᠢ᠌ᠮᠤ ᠡᠴᠠ ᠯᠢᠶᠤᠤ ᠣᠯᠤᠰ ᠨᠢ ᠮᠥᠭᠦᠭ᠍ᠰᠡᠨ ᠤ ᠳᠠᠷᠠᠭ᠎ᠠ ᠭᠢᠳᠠᠨ ᠤ ᠥᠰᠦᠭ᠌ ᠪᠢᠴᠢᠭ᠌ ᠨᠢ ᠣᠯᠠᠠᠮᠵᠢᠯᠠᠯ ᠳᠠᠰᠤᠷᠠᠵᠤ᠂ ᠣᠳᠠᠯ ᠦᠭᠡᠶ ᠮᠡᠳᠡᠭᠦ ᠭᠦᠮᠤᠨ ᠦᠭᠡᠶ ᠪᠣᠯᠵᠠᠢ᠃

ᠭᠤᠷᠪᠠ᠂ ᠡᠭᠡ ᠰᠤᠶᠤᠯ ᠤᠨ ᠪᠣᠯᠪᠠᠰᠤᠨ ᠶᠢᠡᠨ ᠥᠭᠦᠭᠦᠳᠡ ᠬᠠᠮᠠᠭᠠᠯᠠᠵᠠᠢ᠃ ᠳᠠᠢ᠌ᠽᠤ ᠬᠠᠭᠠᠨ ᠶ‍ᠸᠯᠢᠤᠢ ᠠᠪᠣᠤᠵᠢ ᠪᠠ ᠱᠢᠷᠤ ᠬᠠᠳᠤᠨ ᠡᠴᠠ ᠭᠤᠷᠪᠠᠨ ᠭᠦᠤ ᠳᠦᠷᠤᠵᠠᠢ᠃ ᠬᠠᠭᠠᠨ ᠭᠢᠳᠠᠤᠨ ᠰᠤᠶᠤᠯ ᠤᠨ ᠰᠤᠷᠭᠠᠯ ᠶᠢᠡᠷ ᠦᠨᠳᠦᠷ ᠥᠭᠡᠯᠡᠢ ᠭᠦᠤ ᠪᠠᠨ ᠪᠠᠬᠠᠷᠬᠠᠬᠤ ᠳᠤ ᠬᠠᠳᠤᠨ ᠭᠢᠳᠠᠨ ᠰᠤᠶᠤᠯ ᠤᠨ ᠣᠠᠴᠠᠯᠢᠭ ᠳᠤᠪᠣᠢ᠌ᠭᠰᠠᠨ ᠬᠤᠶᠠᠳᠤᠭᠠᠷ ᠭᠦᠤ ᠪᠠᠨ ᠶᠡᠭᠡ ᠬᠠᠯᠠᠮᠵᠢᠯᠠᠳᠠᠭ᠃ ᠬᠠᠭᠠᠨ ᠥᠭᠡᠯᠡᠢ ᠭᠦᠪᠠᠭᠦᠨ ᠶᠢᠡᠨ ᠰᠠᠭᠤᠷᠢᠨ ᠵᠠᠯᠭᠠᠮᠵᠢᠯᠠᠭᠴᠢ ᠳᠠᠢ᠌ᠽᠢ ᠪᠠᠷ ᠨᠡᠷᠡᠢ᠌ᠳᠦᠭ᠍ᠰᠡᠨ ᠪᠣᠯᠪᠠᠴᠤ ᠬᠠᠳᠤᠨ ᠭᠢᠳᠠᠨ ᠰᠤᠶᠤᠯ ᠤᠨ ᠰᠢᠠᠵᠢ ᠬᠠᠳᠠᠭᠠᠯᠠᠭᠰᠠᠨ ᠵᠠᠯᠭᠠᠮᠵᠢᠯᠠᠭᠴᠢ ᠣᠯᠬᠤ ᠭᠦᠰᠡᠯ ᠶᠢᠡᠨ ᠶᠠᠷᠤ ᠳᠡᠪᠴᠢᠭ᠍ᠰᠡᠨ ᠦᠭᠡᠶ᠃ ᠠᠪᠣᠤᠵᠢ ᠬᠠᠭᠠᠨ ᠪᠦᠸᠧ ᠬᠠᠢ ᠣᠯᠤᠰ ᠢ ᠳᠤᠪᠳᠤᠯᠤᠨ ᠳᠠᠭᠠᠭᠤᠯᠤᠭᠠᠤᠨ ᠪᠣᠴᠠᠬᠤ ᠵᠠᠮ ᠵᠠᠭᠤᠷ᠎ᠠ ᠪᠠᠨ ᠳᠡᠭ᠍ᠷᠢ ᠳᠤ ᠬᠠᠯᠢᠭᠰᠠᠨ ᠬᠣᠢ᠌ᠨ᠎ᠠ ᠱᠢᠷᠤ ᠬᠠᠳᠤᠨ ᠳᠦᠷᠤ ᠶᠢᠨ ᠣᠳᠤᠷᠢᠳᠬᠤ ᠳᠠᠪᠴᠠᠩ ᠳᠤ ᠳᠠᠪᠰᠢᠵᠠᠢ᠃ ᠬᠠᠳᠤᠨ ᠡᠨᠡᠭᠦ ᠲᠤᠬᠢᠶᠠᠯ ᠶᠢᠡᠨ ᠠᠰᠢᠭᠯᠠᠨ ᠬᠤᠶᠠᠳᠤᠭᠠᠷ ᠭᠦᠪᠠᠭᠦᠨ ᠶᠢᠡᠨ ᠬᠠᠭᠠᠨ ᠰᠠᠭᠤᠷᠢᠨ ᠳᠤ ᠰᠠᠭᠤᠯᠭᠠᠬᠤ ᠵᠤᠷᠢᠯᠳᠠ ᠪᠠᠨ ᠰᠢᠭᠤᠷᠠᠮᠠᠭᠠᠢ ᠶᠠᠪᠣᠭᠳᠠᠭᠤᠯᠵᠠᠢ᠃ ᠬᠠᠳᠤᠨ ᠶᠡᠭᠡ ᠭᠦᠪᠠᠭᠦᠨ ᠢ ᠨᠢ ᠲᠡᠳᠬᠦᠳᠡᠭ᠌ ᠬᠠᠭᠠᠨ ᠤ ᠠᠬ᠎ᠠ ᠳᠡᠭᠦᠤ ᠨᠡᠷ ᠢ ᠬᠠᠭᠠᠨ ᠤ ᠱᠠᠷᠢᠯ ᠳᠡᠭᠡᠳᠤ ᠨᠠᠢ᠌ᠰᠯᠠᠯ ᠳᠤ ᠭᠦᠷᠴᠤ ᠢᠷᠡᠭᠦ ᠡᠴᠠ ᠡᠮᠦᠨ᠎ᠡ ᠭᠦᠮᠤᠨ ᠳᠤᠮᠢᠯᠠᠵᠤ ᠠᠯᠠᠭᠤᠯᠤᠭᠰᠠᠨ ᠪᠦᠭᠡᠳ ᠳᠡᠭᠦᠨ ᠤ ᠣᠢ᠌ᠯᠠᠰ ᠲᠤ ᠰᠠᠭᠠᠤᠨ ᠪᠣᠯᠤᠨ᠎ᠠ ᠭᠡᠵᠤ ᠥᠵᠡᠭ᠍ᠰᠡᠨ ᠵᠠᠭᠤ ᠢᠯᠡᠭᠦᠤ ᠶᠡᠭᠡ ᠰᠠᠢ᠌ᠳ ᠢ ᠬᠠᠭᠠᠨ ᠤ ᠣᠷᠤᠰᠢᠭᠤᠯᠤᠯᠭ᠎ᠠ ᠶᠢᠨ ᠶᠤᠰᠤᠯᠠᠯ ᠤᠨ ᠦᠶ᠎ᠡ ᠳᠤ ᠬᠤᠤᠷᠯᠠᠵᠠᠢ᠃ ᠡᠢ᠌ᠮᠤ ᠮᠦᠷᠳᠡᠭᠡᠨ ᠡᠳᠡᠭᠡᠷ ᠰᠠᠢ᠌ᠳ ᠤᠨ ᠭᠡᠷ ᠤᠨ ᠭᠦᠮᠦᠰ ᠢ ᠨᠢ ᠰᠡᠭᠦᠯᠡᠷ ᠨᠢ ᠪᠠᠰᠠ ᠬᠤᠤᠷᠯᠠᠭᠰᠠᠨ ᠪᠠᠢ᠌ᠨ᠎ᠠ᠃ ᠳᠠᠷᠠ ᠰᠠᠢ᠌ᠳ ᠲᠦᠰᠢᠮᠠᠤᠨ ᠢ ᠬᠤᠤᠷᠯᠠᠬᠤ ᠳᠠᠭᠠᠨ ᠶᠠᠷᠤ ᠨᠢ 《ᠡᠮᠦᠨ᠎ᠡ ᠬᠠᠭᠠᠨ ᠢ ᠳᠤᠷᠠᠰᠤᠨ ᠰᠠᠨᠠᠵᠤ ᠪᠠᠢ᠌ᠨ᠎ᠠ ᠦᠦ ︖ ᠳᠤᠷᠠᠰᠤᠵᠤ ᠪᠠᠢ᠌ᠪᠠᠯ ᠳᠡᠭᠦᠨ ᠢ ᠬᠠᠯᠠᠮᠵᠢᠯᠠᠬᠤ ᠪᠠᠷ ᠣᠴᠢ ︕》 ᠭᠡᠳ ᠴᠪᠴᠢᠳᠠᠭ᠃ ᠡᠨᠡᠭᠦ ᠠᠰᠠᠭᠤᠯᠳᠠ ᠪᠣᠯ ᠬᠠᠷᠢᠭᠤᠯᠬᠤ ᠳᠤ ᠳᠤᠩ ᠭᠦᠴᠢᠷᠳᠡᠢ ᠠᠰᠠᠭᠤᠯᠳᠠ ᠮᠦᠨ᠂ ᠳᠤᠷᠠᠰᠤᠨ ᠰᠠᠨᠠᠬᠤ ᠦᠭᠡᠶ ᠪᠣᠯ ᠬᠠᠭᠠᠨ ᠳᠠᠭᠠᠨ ᠦᠨᠡᠠᠴᠢ ᠦᠭᠡᠶ ᠪᠣᠯᠵᠤ ᠮᠦᠨ ᠠᠯᠠᠬᠤ ᠶᠠᠯ᠎ᠠ ᠡᠴᠠ ᠭᠡᠯᠳᠦᠷᠢᠵᠤ ᠴᠢᠳᠠᠬᠤ ᠦᠭᠡᠶ ᠪᠠᠢ᠌ᠳᠠᠭ᠃ ᠰᠡᠭᠦᠯᠡᠷ ᠨᠢ ᠳᠠᠷᠠ ᠵᠤᠤ ᠽᠢ ᠸᠧᠨ ᠭᠡᠳᠡᠭ᠌ ᠭᠢᠳᠠᠤᠨ ᠰᠠᠢ᠌ᠳ ᠢ ᠠᠯᠠᠬᠤ ᠰᠠᠨᠠᠭ᠎ᠠ ᠣᠷᠤᠵᠤ᠂ ᠪᠦᠸᠧ ᠬᠠᠢ ᠣᠯᠤᠰ ᠤᠨ ᠪᠠᠢ᠌ᠯᠳᠤᠭᠠᠨ ᠳᠤ ᠬᠠᠭᠠᠨ ᠳᠡᠭᠦᠨ ᠤ ᠰᠢᠷᠬ᠎ᠠ ᠶᠢ ᠡᠮᠨᠡᠵᠤ ᠪᠠᠢ᠌ᠭᠰᠠᠨ ᠨᠢᠭᠳᠠ ᠬᠠᠷᠢᠴᠠᠭ᠎ᠠ ᠪᠠᠷ ᠨᠢ ᠬᠤᠯᠪᠣᠵᠤ 《ᠴᠢ ᠡᠮᠦᠨ᠎ᠡ ᠬᠠᠭᠠᠨ ᠲᠡᠶ ᠳᠤᠩ ᠢᠵᠢᠯᠢ ᠳᠤᠳᠤᠨᠤᠰᠤᠭ ᠪᠢᠰᠢᠤ᠂ ᠣᠳᠤ ᠴᠢ ᠡᠮᠦᠨ᠎ᠡ ᠬᠠᠭᠠᠨ ᠢ ᠬᠠᠯᠠᠮᠵᠢᠯᠠᠬᠤ ᠪᠠᠷ ᠣᠴᠢ ︕》 ᠭᠡᠵᠡᠢ᠃ ᠡᠭᠦᠨ ᠳᠤ ᠵᠤᠤ ᠽᠢ ᠸᠧᠨ 《ᠡᠮᠦᠨ᠎ᠡ ᠬᠠᠭᠠᠨ ᠳᠤ ᠢᠵᠢᠯ ᠳᠤᠳᠤᠨᠤᠰᠤᠭ ᠢ ᠭᠡᠯᠡᠪᠠᠯ ᠪᠢ ᠬᠠᠳᠤᠨ ᠳᠠᠨ ᠳᠤ ᠭᠦᠢᠴᠡᠭᠦ ᠦᠭᠡᠶ᠂ ᠳᠠ ᠭᠡᠷᠪᠡ ᠣᠴᠢᠪᠠᠯ ᠪᠢ ᠳᠤᠷᠠᠳᠠᠢ᠌ᠶ᠎ᠠ ᠳᠠᠭᠠᠯᠴᠠᠨ ᠣᠴᠢᠨ᠎ᠠ》 ᠭᠡᠵᠡᠢ᠃ ᠡᠭᠦᠨ ᠳᠤ ᠬᠠᠳᠤᠨ 《ᠪᠢ ᠣᠴᠢᠬᠤ ᠳᠤᠷ᠎ᠠ ᠦᠭᠡᠶ ᠪᠢᠰᠢ᠂ ᠵᠥᠪᠭᠡᠨ ᠭᠡᠳᠤᠨ ᠬᠡᠦᠬᠡᠳ ᠪᠠᠭ᠎ᠠ ᠪᠠᠢ᠌ᠵᠤ᠂ ᠳᠦᠷᠤ ᠭᠦᠷᠤᠨ ᠤ ᠶᠡᠭᠡ ᠶᠠᠪᠣᠳᠠᠯ ᠳᠤ ᠪᠢ ᠳᠤᠳᠠᠭᠳᠠᠵᠤ ᠪᠣᠯᠬᠤ ᠦᠭᠡᠶ᠂ ᠣᠷᠢᠳᠠᠪᠠᠷ ᠪᠢ ᠡᠨᠡ ᠭᠠᠷ ᠶᠢᠡᠨ ᠶᠠᠪᠣᠭᠤᠯᠵᠤ ᠬᠠᠭᠠᠨ ᠢ ᠬᠠᠯᠠᠮᠵᠢᠯᠠᠶ᠎ᠠ ︕》 ᠭᠡᠳ ᠬᠠᠳᠤᠨ ᠰᠥᠪᠠᠭᠡᠨ ᠭᠢᠳᠤᠭ᠎ᠠ ᠪᠠᠨ ᠰᠤᠭᠤᠯᠵᠤ ᠪᠠᠷᠠᠭᠤᠨ ᠭᠠᠷ ᠶᠢᠡᠨ ᠴᠠᠪᠴᠢᠭᠰᠠᠨ ᠪᠠᠢ᠌ᠨ᠎ᠠ᠃ ᠬᠠᠳᠤᠨ ᠡᠨᠡ ᠮᠠᠳᠤ ᠥᠭᠡᠯᠡᠢ ᠭᠦᠤ ᠶᠢ ᠨᠢ ᠳᠡᠮᠵᠢᠭ᠍ᠰᠡᠳ ᠲᠤ ᠬᠠᠷ᠎ᠠ ᠭᠢᠳᠤᠯᠭ᠎ᠠ ᠶᠠᠪᠣᠭᠤᠯᠤᠭᠰᠠᠨ ᠡᠴᠠ ᠣᠳᠠᠯ ᠦᠭᠡᠶ ᠳᠡᠭᠦᠨ ᠤ ᠰᠠᠨᠠᠭ᠎ᠠ ᠡᠴᠠ ᠵᠦᠷᠢᠴᠡᠭᠦ ᠭᠦᠮᠤᠨ ᠦᠭᠡᠶ ᠪᠣᠯᠵᠤ᠂ ᠬᠤᠶᠠᠳᠤᠭᠠᠷ ᠭᠦᠪᠠᠭᠦᠨ ᠶᠢᠡᠨ ᠰᠢᠭᠤᠳ ᠰᠢᠯᠤᠭᠤᠬᠠᠨ ᠶᠢᠡᠷ ᠬᠠᠭᠠᠨ ᠰᠠᠭᠤᠷᠢᠨ ᠳᠤ ᠳᠡᠪᠰᠢᠭᠦᠯᠵᠤ᠂ ᠴᠤᠯᠠ ᠶᠢ ᠨᠢ ᠳᠠᠢ᠌ᠽᠤᠩ ᠬᠠᠭᠠᠨ ᠭᠡᠵᠤ ᠨᠡᠷᠡᠢ᠌ᠳᠦᠭ᠍ᠰᠡᠨ ᠪᠠᠢ᠌ᠨ᠎ᠠ᠃

ᠳᠦᠷᠪᠠ᠂ ᠮᠤᠷᠢᠳᠠᠨ ᠦᠨᠳᠦᠰᠦᠳᠠᠨ ᠤ ᠪᠠᠢ᠌ᠯᠳᠤᠭᠠᠨ ᠤ ᠣᠷ᠎ᠠ ᠠᠪᠢᠶᠠᠰ ᠢ ᠭᠠᠢ᠌ᠬᠠᠭᠤᠯᠵᠤ᠂ ᠴᠥᠭᠡᠨ ᠶᠢᠡᠷ ᠣᠯᠠᠨ ᠢ ᠢᠯᠠᠬᠤ ᠪᠠᠢ᠌ᠯᠳᠤᠭᠠᠨ ᠢ ᠣᠯᠠᠠᠳᠠ ᠡᠭᠦᠰᠭᠡᠵᠤ᠂ ᠣᠯᠤᠰ ᠣᠷᠤᠨ ᠤ ᠭᠠᠵᠠᠷ ᠨᠤᠳᠤᠭ ᠶᠢᠡᠨ ᠦᠷᠭᠡᠳᠭᠡᠵᠡᠢ᠃ ᠯᠢᠶᠤᠤ ᠣᠯᠤᠰ ᠨᠢ ᠳᠠᠢ᠌ᠽᠤ ᠬᠠᠭᠠᠨ ᠡᠴᠠ ᠱᠸᠩᠽᠤᠩ ᠬᠠᠭᠠᠨ ᠤ ᠦᠶ᠎ᠡ ᠭᠦᠷᠳᠡᠯ᠎ᠡ ᠪᠦᠸᠸᠬᠠᠢ ᠣᠯᠤᠰ᠂ ᠣᠮᠠᠷᠠᠳᠤ ᠶᠢᠨ ᠣᠯᠤᠰ ᠵᠡᠷᠭᠡ ᠣᠯᠠᠨ ᠣᠯᠤᠰ ᠢ ᠮᠥᠭᠦᠭᠡᠵᠤ᠂ ᠶᠡᠭᠡ ᠰᠦᠩ ᠣᠯᠤᠰ ᠤᠨ ᠬᠤᠶᠠᠷ ᠣᠳᠠᠭᠠᠨ ᠤ ᠶᠡᠭᠡ ᠳᠤᠪᠳᠤᠯᠤᠯᠳᠠ ᠶᠢ ᠬᠠᠷᠢᠭᠤ ᠳᠤᠯᠤᠯᠳᠤᠨ ᠢᠯᠠᠭᠠᠤᠨ ᠨᠤᠳᠤᠭ ᠳᠡᠪᠢᠰᠭᠡᠷ ᠨᠢ ᠦᠷᠭᠡᠵᠢᠵᠤ᠂ ᠣᠯᠤᠰ ᠤᠨ ᠭᠦᠴᠤᠨ ᠨᠢ ᠪᠣᠵᠠᠭᠠᠢ᠌ᠷᠠᠵᠤ᠂ ᠰᠦᠩ ᠣᠯᠤᠰ ᠲᠡᠶ ᠵᠡᠷᠭᠡᠴᠡᠨ ᠳᠤᠭᠳᠠᠨᠢᠭᠰᠠᠨ ᠶᠡᠭᠡ ᠣᠯᠤᠰ ᠪᠣᠯᠤᠨ ᠭᠦᠭ᠍ᠵᠢᠵᠡᠢ᠃ ᠬᠠᠮᠤᠭ ᠤᠨ ᠳᠡᠮᠳᠡᠭᠯᠡᠭ᠍ᠰᠢᠭᠦᠳᠡᠢ ᠨᠢᠭᠡᠨ ᠣᠴᠢᠷ ᠭᠡᠪᠠᠯ ᠰᠢᠶᠤᠤ ᠳᠡᠢ᠌ᠭᠡᠤ (ᠱᠸᠩᠽᠤᠩ ᠬᠠᠭᠠᠨ ᠤ ᠡᠭᠡ) ᠦᠪᠡᠷ ᠤᠨ ᠪᠠᠶ᠎ᠠ ᠪᠠᠷ ᠶᠢᠡᠨ ᠴᠡᠷᠢᠭ᠌ ᠳᠠᠭᠠᠭᠤᠯᠤᠨ ᠰᠦᠩ ᠣᠯᠤᠰ ᠢ ᠳᠤᠪᠳᠤᠯᠤᠷ᠎ᠠ ᠣᠴᠢᠭᠠᠤᠨ ᠴᠠᠨ ᠶᠤᠸᠠᠨ ᠬᠤᠳᠠᠨ ᠤ ᠳᠤᠤᠷ᠎ᠠ ᠭᠦᠷᠴᠤ ᠯᠢᠶᠤᠤ ᠣᠯᠤᠰ ᠤᠨ ᠶᠡᠭᠡ ᠵᠠᠩᠵᠤᠨ ᠰᠢᠶᠤᠤ ᠳᠠ ᠯᠢᠩ ᠪᠠᠢ᠌ᠯᠳᠤᠭᠠᠨ ᠳᠤ ᠡ᠊ᠨᠳᠡᠭᠡᠳ ᠬᠤᠯᠠ ᠶᠢᠨ ᠭᠠᠵᠠᠷ ᠬᠠᠷᠢ ᠶᠢᠨ ᠨᠤᠳᠤᠭ ᠲᠤ ᠴᠡᠷᠢᠭ᠌ ᠤᠨ ᠰᠡᠳᠭᠢᠯ ᠰᠠᠮᠠᠭᠤᠷᠠᠵᠤ ᠪᠠᠢ᠌ᠭᠰᠠᠨ ᠠᠰᠢᠭ ᠦᠭᠡᠶ ᠨᠥᠭᠦᠴᠡᠯ ᠤᠨ ᠳᠤᠤᠷ᠎ᠠ ᠰᠦᠩ ᠣᠯᠤᠰ ᠤᠨ ᠴᠡᠷᠢᠭ᠌ ᠢ ᠰᠢᠬᠠᠵᠤ ᠪᠠᠢ᠌ᠭᠠᠤᠨ ᠰᠦᠩ ᠣᠯᠤᠰ ᠨᠢ ᠵᠢᠯ ᠪᠦᠷᠢ ᠯᠢᠶᠤᠤ ᠣᠯᠤᠰ ᠲᠤ ᠠᠷᠪᠠᠨ ᠲᠦᠮᠡᠨ ᠯᠠᠩ ᠮᠦᠩᠭᠦ ᠪᠠ ᠬᠤᠷᠢᠨ ᠲᠦᠮᠡᠨ ᠪᠠᠭᠯᠠᠭ᠎ᠠ ᠳᠤᠷᠭ᠎ᠠ ᠳᠤᠷᠳᠤᠩ ᠦᠭ‍ᠭᠦ ᠪᠦᠭᠡᠳ ᠬᠤᠶᠠᠷ ᠣᠯᠤᠰ ᠨᠢ ᠬᠠᠷᠢᠯᠴᠠᠨ ᠠᠬ᠎ᠠ ᠳᠡᠭᠦᠤ ᠭᠡᠵᠤ ᠳᠠᠭᠤᠳᠠᠯᠴᠠᠨ᠂ ᠭᠢᠯᠢ ᠭᠢᠵᠠᠭᠠᠷ ᠣᠷᠤᠨ ᠳᠤ ᠪᠦᠳᠦᠭᠡᠨ ᠪᠠᠢ᠌ᠭᠤᠯᠤᠯᠳᠠ ᠭᠢᠵᠤ ᠪᠣᠯᠬᠤ ᠦᠭᠡᠶ ᠭᠤᠤᠯ ᠮᠦᠷᠠᠨ ᠤ ᠭᠡᠪᠠᠯᠢ ᠶᠢ ᠥᠭᠡᠷᠡᠳᠡᠭᠦᠯᠵᠤ ᠪᠣᠯᠬᠤ ᠦᠭᠡᠶ ᠭᠡᠰᠡᠨ ᠠᠭᠤᠯᠭ᠎ᠠ ᠲᠡᠶ 《ᠴᠠᠨ ᠶᠤᠸᠠᠨ ᠤ ᠭᠡᠯᠡᠯᠴᠡᠭᠡᠷ》 ᠊ᠢ ᠳᠤᠭᠳᠠᠭᠠᠵᠤ᠂ ᠬᠤᠶᠠᠷ ᠣᠯᠤᠰ ᠤᠨ ᠬᠠᠷᠢᠯᠴᠠᠨ ᠳᠠᠢ᠌ᠯᠠᠯᠳᠤᠬᠤ ᠪᠠᠢ᠌ᠳᠠᠯ ᠢ ᠡᠴᠦᠰᠯᠡᠭᠦᠯᠵᠡᠢ᠃ ᠱᠸᠩᠽᠤᠩ ᠬᠠᠭᠠᠨ ᠤ ᠦᠶ᠎ᠡ ᠳᠤ ᠴᠢᠨ ᠱᠢ ᠬᠤᠸᠠᠩ ᠤᠨ ᠦᠶᠡᠰ ᠰᠡᠢ᠌ᠯᠦᠭ᠍ᠰᠡᠨ 《ᠳᠦᠷᠤ ᠣᠯᠠᠮᠵᠢᠯᠠᠬᠤ ᠬᠠᠰ ᠤᠨ ᠳᠠᠮᠠᠭ᠎ᠠ》 ᠣᠯᠵᠠᠯᠠᠵᠤ᠂ ᠯᠢᠶᠤᠤ ᠣᠯᠤᠰ ᠨᠢ ᠳᠤᠮᠳᠠᠳᠤ ᠶᠢᠨ ᠳᠡᠦᠭᠡᠨ ᠳᠤ ᠮᠤᠷᠢᠳᠠᠨ ᠦᠨᠳᠦᠰᠦᠳᠠᠨ ᠤ ᠪᠠᠢ᠌ᠭᠤᠯᠤᠭᠰᠠᠨ ᠵᠠᠰᠠᠭ ᠳᠦᠷᠤ ᠪᠣᠯᠬᠤ ᠨᠠᠷ᠎ᠠ ᠴᠤᠯᠠ ᠶᠢ ᠣᠯᠵᠤ ᠮᠡᠳᠡᠷᠡᠭ᠍ᠳᠡᠵᠡᠢ᠃ ᠯᠢᠶᠤᠤ ᠣᠯᠤᠰ ᠤᠨ ᠰᠡᠭᠦᠯᠴᠢ ᠶᠢᠨ ᠦᠶ᠎ᠡ ᠪᠣᠯᠵᠤ᠂ ᠠᠯᠳᠠᠨ ᠣᠯᠤᠰ ᠤᠨ ᠳᠤᠪᠳᠤᠯᠤᠯᠳᠠ ᠳᠤ ᠣᠯᠤᠰ ᠶᠢᠡᠨ ᠠᠯᠳᠠᠭᠰᠠᠨ ᠤ ᠳᠠᠷᠠᠭ᠎ᠠ ᠶ‍ᠸᠯᠢᠤᠢ ᠳ᠋ᠠ ᠱᠢ ᠪᠠᠷ ᠳᠤᠯᠤᠭᠠᠢ᠌ᠯᠠᠭᠤᠯᠤᠭᠰᠠᠨ ᠥᠯᠡᠳᠡᠭ᠍ᠳᠡᠯ ᠭᠦᠴᠤᠨ ᠨᠢ ᠪᠠᠷᠠᠭᠤᠠᠰᠢ ᠰᠢᠯᠵᠢᠵᠤ ᠣᠳᠤᠬᠠᠨ ᠤ ᠰᠢᠠᠵᠢᠶᠠᠩ ᠪᠠ ᠵᠦᠪᠯᠠᠯᠳᠤ ᠬᠤᠯᠪᠣᠭᠠᠳᠤ ᠣᠯᠤᠰ ᠤᠨ ᠭᠡᠰᠡᠭ᠌ ᠪᠦᠯᠦᠭ᠌ ᠭᠠᠵᠠᠷ ᠢ ᠡᠵᠡᠯᠡᠭᠡᠳ 《ᠪᠠᠷᠠᠭᠤᠨ ᠯᠢᠶᠤᠤ》 ᠣᠯᠤᠰ ᠢ ᠪᠠᠢ᠌ᠭᠤᠯᠵᠤ᠂ ᠮᠦᠨ 5 ᠦᠶ᠎ᠡ ᠣᠯᠠᠷᠢᠵᠤ 94 ᠵᠢᠯ ᠨᠤᠶᠠᠷᠬᠠᠯ ᠶᠢᠡᠨ ᠦᠷᠭᠦᠯᠵᠢᠯᠡᠭᠦᠯᠵᠡᠢ᠃ ᠰᠡᠭᠦᠯᠡᠷ ᠨᠢ ᠴᠢᠩᠭᠢᠰ ᠬᠠᠭᠠᠨ ᠤ ᠣᠳᠤᠷᠢᠳᠤᠭᠰᠠᠨ ᠮᠤᠩᠭ᠋ᠤᠯ ᠤᠨ ᠴᠡᠷᠢᠭ᠌ ᠪᠠᠷᠠᠭᠤᠨ ᠯᠢᠶᠤᠤ ᠣᠯᠤᠰ ᠢ ᠮᠥᠭᠦᠭᠡᠭ᠍ᠰᠡᠨ ᠪᠠᠢ᠌ᠨ᠎ᠠ᠃ ᠡᠭᠦᠨ ᠡᠴᠠ ᠪᠦᠭᠦ ᠯᠢᠶᠤᠤ ᠣᠯᠤᠰ ᠨᠢ ᠭᠤᠷᠪᠠᠨ ᠵᠠᠭᠤ ᠭᠠᠷᠤᠢ ᠵᠢᠯ ᠤᠨ ᠨᠤᠶᠠᠷᠬᠠᠯ ᠤᠨ ᠳᠡᠦᠭᠡ ᠶᠢ ᠡᠭᠦᠳᠴᠤ᠂ ᠠᠽᠢᠶ᠎ᠠ ᠧᠦ᠋ᠷᠦᠫᠠ ᠶᠢ ᠰᠤᠠᠳᠠᠯᠠᠭᠰᠠᠨ ᠦᠷᠭᠡᠨ ᠠᠭᠤᠳᠠᠮ ᠨᠤᠳᠤᠭ ᠳᠡᠪᠢᠰᠭᠡᠷ ᠢ ᠡᠵᠡᠯᠡᠭᠡᠳ ᠰᠡᠭᠦᠯᠡᠷ ᠮᠠᠠᠳᠤᠭᠰᠠᠨ ᠵᠦᠷᠴᠢᠨ ᠦᠨᠳᠦᠰᠦᠳᠠᠨ᠂ ᠮᠤᠩᠭ᠋ᠤᠯ ᠦᠨᠳᠦᠰᠦᠳᠠᠨ᠂ ᠮᠠᠠᠵᠤ (ᠵᠦᠷᠴᠢᠨ) ᠦᠨᠳᠦᠰᠦᠳᠠᠨ ᠵᠡᠷᠭᠡ ᠮᠠᠰᠢ ᠣᠯᠠᠨ ᠮᠤᠷᠢᠳᠠᠨ ᠦᠨᠳᠦᠰᠦᠳᠠᠨ ᠳᠤ ᠡᠯᠪᠠᠭ᠌ ᠪᠠᠶᠠᠯᠢᠭ ᠦᠨ᠎ᠡ ᠴᠠᠨ᠎ᠠ ᠲᠡᠶ ᠳᠡᠦᠭᠡᠳᠤ ᠰᠤᠷᠭᠠᠮᠵᠢ ᠶᠢ ᠥᠯᠡᠳᠡᠭᠡᠭ᠍ᠰᠡᠨ ᠶᠤᠮ᠃


                ᠲ᠋ᠤᠯᠭᠠᠭᠳᠠᠵᠤ ᠪᠠᠢ᠌ᠭ᠎ᠠ ᠰᠢᠨᠠᠴᠢᠯᠠᠯᠳᠠ


ᠳᠡᠭᠡᠷ᠎ᠡ ᠵᠠᠭᠤᠨ ᠤ ᠨᠠᠶᠠᠭᠠᠤᠨ ᠣᠨ ᠤ ᠰᠡᠭᠦᠯᠴᠢ ᠪᠣᠯᠳᠠᠯ᠎ᠠ᠂ ᠪᠠᠭᠠᠷᠢᠨ ᠵᠡᠭᠦᠨ ᠬᠤᠰᠢᠭᠤᠨ ᠤ ᠣᠯᠠᠭᠠᠳᠠᠪᠠᠭ᠎ᠠ ᠰᠤᠮᠤᠨ ᠤ ᠬᠤᠭᠤᠯᠳᠤ ᠭᠠᠴᠠᠭ᠎ᠠ ᠨᠢ ᠭᠡᠳᠥᠢᠪᠠᠷ ᠣᠯᠠᠷᠢᠯ ᠪᠦᠷᠢ ᠳᠤ ᠨᠡᠭᠦᠳᠡᠯᠯᠡᠨ ᠮᠠᠯᠵᠢᠬᠤ ᠭᠡᠯᠪᠠᠷᠢ ᠪᠠᠨ ᠪᠠᠷᠢᠮᠳᠠᠯᠠᠵᠤ ᠴᠢᠳᠠᠭ᠎ᠠ ᠦᠭᠡᠶ ᠪᠣᠯᠪᠠᠴᠤ ᠵᠤᠨ ᠡᠪᠦᠯ ᠤᠨ ᠣᠷᠭᠤᠵᠤ ᠬᠤᠪᠠᠬᠠᠢ᠌ᠷᠠᠬᠤ ᠬᠤᠶᠠᠷ ᠭᠤᠤᠯ ᠣᠯᠠᠷᠢᠯ ᠳᠠᠭᠠᠨ ᠨᠡᠭᠦᠳᠡᠯᠯᠡᠨ ᠮᠠᠯᠵᠢᠬᠤ ᠭᠡᠯᠪᠠᠷᠢ ᠪᠠᠨ ᠪᠠᠷᠢᠮᠳᠠᠯᠠᠭᠰᠠᠭᠠᠷ ᠢᠷᠡᠭ᠍ᠰᠡᠨ ᠪᠠᠢ᠌ᠭ᠎ᠠ ᠶᠤᠮ᠃ ᠬᠠᠪᠣᠷ ᠪᠣᠯᠵᠤ ᠨᠤᠭᠤᠭ᠎ᠠ ᠴᠤᠬᠣᠢ᠌ᠬᠤ ᠦᠶ᠎ᠡ ᠪᠣᠯᠤᠭᠰᠠᠭᠠᠷ ᠭᠠᠴᠠᠭᠠᠨ ᠤ ᠭᠢᠨ ᠪᠦᠭᠦ ᠮᠠᠯ ᠰᠦᠷᠦᠭ᠌ ᠶᠢᠡᠨ ᠢᠩᠳᠤ ᠶᠢᠨ ᠪᠠᠯᠴᠢᠭᠡᠷ ᠵᠥᠭ᠌ ᠰᠢᠯᠵᠢᠭᠦᠯᠵᠤ᠂ ᠡᠪᠦᠯᠵᠢᠶᠡᠨ ᠤ ᠪᠠᠯᠴᠢᠭᠡᠷ ᠲᠤ ᠭᠡᠳᠤᠨ ᠰᠦᠨ ᠤ ᠦᠨᠢᠶᠠᠨ ᠡᠴᠠ ᠪᠣᠰᠤᠳ ᠮᠠᠯ ᠨᠢ ᠴᠦᠮ ᠵᠤᠰᠠᠯᠠᠩ ᠤᠨ ᠪᠠᠯᠴᠢᠭᠡᠷ ᠲᠡᠭᠡᠨ ᠭᠦᠷᠳᠡᠭ᠌᠃ ᠵᠤᠰᠠᠯᠠᠩ ᠤᠨ ᠪᠠᠭᠤᠴᠠ ᠪᠣᠯᠤᠭᠰᠠᠨ ᠢᠩᠳᠤ ᠶᠢᠨ ᠪᠠᠯᠴᠢᠭᠡᠷ ᠨᠢ ᠬᠠᠳᠠᠨ ᠠᠷᠤ ᠶᠢᠨ ᠭᠤᠤᠯ᠂ ᠪᠣᠭᠤᠳᠤ ᠶᠢᠨ ᠭᠤᠤᠯ᠂ ᠢᠩᠳᠤ ᠶᠢᠨ ᠭᠤᠤᠯ ᠵᠡᠷᠭᠡ ᠭᠤᠷᠪᠠᠨ ᠵᠤᠷᠪᠣᠰ ᠵᠢᠵᠢᠭ᠌ ᠭᠤᠷᠤᠬ᠎ᠠ ᠶᠢᠨ ᠣᠷᠤᠰᠬᠠᠯ ᠨᠡᠢ᠌ᠯᠡᠭᠡᠳ ᠬᠤᠭᠤᠯᠳᠤ ᠶᠢᠨ ᠭᠤᠤᠯ ᠳᠤ ᠴᠢᠳᠬᠤᠵᠤ ᠪᠠᠢ᠌ᠭᠰᠠᠨ ᠭᠠᠵᠠᠷ ᠪᠣᠯᠬᠤᠷ ᠣᠰᠤᠨ ᠤ ᠰᠤᠷᠪᠣᠯᠵᠢ ᠪᠠᠶᠠᠯᠢᠭ ᠪᠠᠢ᠌ᠵᠤ᠂ ᠵᠤᠨ ᠪᠣᠯᠵᠤ ᠨᠠᠷᠠᠨ ᠤ ᠡᠭᠡᠭᠡᠯᠳᠡ ᠴᠢᠩᠭ᠋ᠠᠷᠠᠨ ᠳᠤᠯᠠᠭᠠᠨ ᠤ ᠭᠡᠮᠵᠢᠶ᠎ᠡ ᠳᠡᠭᠡᠭ᠍ᠰᠢᠯᠡᠮᠡᠭ᠍ᠴᠡ ᠡᠪᠠᠰᠤ ᠨᠤᠭᠤᠭ᠎ᠠ ᠨᠢ ᠶᠠᠭ ᠳᠠᠳᠠᠵᠤ ᠴᠢᠩᠭ᠋ᠠᠭᠠᠵᠤ ᠪᠠᠢ᠌ᠭ᠎ᠠ ᠰᠢᠭ᠌ ᠣᠷᠭᠤᠨ ᠰᠤᠭᠤᠷᠠᠳᠠᠭ᠃ ᠢᠩᠭᠢᠭᠦ ᠳᠡᠭᠡᠨ ᠨᠠᠮᠤᠷ ᠤᠨ ᠳᠤᠮᠳᠠᠴᠢ ᠪᠣᠯᠳᠠᠯ᠎ᠠ ᠡᠨᠡᠭᠦ ᠪᠠᠯᠴᠢᠭᠡᠷ ᠲᠤ ᠪᠠᠯᠴᠢᠳᠡᠭ᠌ ᠠᠳᠤᠭᠤ ᠮᠠᠯ ᠤᠨ ᠳᠠᠰᠢᠶ᠎ᠠ ᠵᠤ᠋ ᠨᠢ ᠠᠮᠪᠠᠨ ᠠᠳᠠᠯᠢ ᠳᠦᠷᠪᠠᠯᠵᠢᠨ ᠪᠣᠯᠵᠤ ᠠᠯᠬᠤᠵᠤ ᠶᠠᠳᠠᠳᠠᠯ᠎ᠠ ᠳᠠᠷᠭᠤᠯᠠᠳᠠᠭ᠃ ᠡᠨᠡᠭᠦ ᠬᠤᠭᠤᠴᠠᠭᠠᠨ ᠳᠤ ᠡᠪᠦᠯᠵᠢᠶᠡᠨ ᠤ ᠳᠤᠭᠤᠯ ᠤᠨ ᠪᠠᠯᠴᠢᠭᠡᠷ ᠡᠴᠠ ᠪᠣᠰᠤᠳ ᠬᠠᠳᠤᠯᠠᠩ ᠭᠡᠵᠤ ᠳᠤᠰᠬᠠᠢ ᠬᠠᠮᠠᠭᠠᠯᠠᠭᠰᠠᠨ ᠪᠠᠯᠴᠢᠭᠡᠷ ᠨᠢ ᠣᠷᠭᠤᠵᠤ ᠪᠣᠯᠪᠠᠰᠤᠷᠠᠬᠤ ᠴᠢᠯᠦᠭᠡ ᠵᠠᠪᠰᠢᠶᠠᠨ ᠲᠡᠶ ᠪᠣᠯᠵᠤ᠂ ᠪᠦᠭᠦ ᠠᠢ᠌ᠯ ᠤᠨ ᠠᠳᠤᠭᠤ ᠮᠠᠯ ᠤᠨ ᠨᠢᠭᠡ ᠡᠪᠦᠯ ᠬᠠᠪᠣᠷ ᠤᠨ ᠢᠳᠡᠳᠡᠭ᠌ ᠨᠥᠭᠡᠴᠡ ᠡᠪᠠᠰᠤ ᠶᠢ ᠭᠦᠢᠴᠡᠳ ᠬᠠᠩᠭ᠋ᠠᠵᠤ ᠴᠢᠳᠠᠳᠠᠭ᠃ ᠰᠢᠨ᠎ᠠ ᠵᠠᠭᠤᠨ ᠤ ᠡᠭᠢᠨ ᠪᠣᠯᠬᠤ ᠳᠤ᠂ ᠨᠤᠳᠤᠭ ᠪᠠᠯᠴᠢᠭᠡᠷ ᠢ ᠡᠷᠦᠭᠡ ᠳᠤ ᠳᠠᠭᠠᠴᠢᠯᠠᠭᠤᠯᠬᠤ ᠳᠦᠷᠤ ᠶᠢᠨ ᠪᠣᠳᠤᠯᠭ᠎ᠠ ᠲᠤᠢ᠌ᠯᠪᠣᠷᠢᠳᠠᠢ ᠳᠤᠤᠱᠯᠠᠭᠤᠯᠤᠭᠳᠠᠵᠤ᠂ ᠠᠭᠤᠳᠠᠮ ᠨᠤᠳᠤᠭ ᠭᠡᠰᠡᠭ᠌ ᠭᠡᠰᠡᠭ᠌ ᠶᠢᠡᠷ ᠵᠤᠷᠪᠣᠰᠯᠠᠭᠳᠠᠵᠤ᠂ ᠪᠠᠯᠴᠢᠭᠡᠷ ᠤᠨ ᠡᠵᠡᠩᠨᠡᠯᠳᠡ ᠶᠢᠨ ᠡᠷᠭᠡ ᠨᠢ ᠬᠤᠪᠢ ᠭᠦᠮᠤᠨ ᠤ ᠭᠢ ᠪᠣᠯᠤᠨ ᠬᠤᠪᠢᠷᠠᠵᠠᠢ᠃ ᠡᠭᠦᠨ ᠡᠴᠠ ᠵᠢᠵᠢᠭ᠌ ᠡᠪᠠᠰᠤᠨ ᠭᠦᠷᠢᠶ᠎ᠡ ᠪᠣᠶᠤ ᠪᠣᠷᠳᠤᠭᠠᠨ ᠰᠠᠭᠤᠷᠢᠨ ᠭᠠᠵᠠᠷ ᠭᠡᠵᠤ ᠨᠠᠷ᠎ᠠ ᠵᠢᠭᠠᠭᠰᠠᠨ ᠭᠠᠵᠠᠷ ᠨᠤᠳᠤᠭ ᠢ ᠬᠠᠭᠠᠯᠪᠣᠷᠢᠯᠠᠬᠤ ᠭᠦᠳᠡᠯᠭᠡᠭᠡᠨ ᠳᠤᠰ ᠨᠤᠳᠤᠭ ᠲᠤ ᠦᠷᠨᠢᠵᠤ᠂ ᠡᠭᠢᠨ ᠳᠡᠭᠡᠨ ᠪᠣᠯᠠᠭ ᠤᠨ ᠬᠠᠪᠢ ᠪᠣᠶᠤ ᠭᠤᠤᠯ ᠤᠨ ᠳᠤᠬᠤᠢ ᠳᠠᠭᠠᠭᠰᠠᠨ ᠵᠥᠯᠭᠡᠳᠤ ᠪᠠᠯᠴᠢᠭᠡᠷ ᠨᠢ ᠬᠠᠭᠠᠯᠪᠣᠷᠢᠯᠠᠭᠳᠠᠵᠠᠢ᠃ ᠰᠡᠭᠦᠯᠳᠡᠵᠤ ᠢᠷᠡᠭᠡᠳ ᠰᠢᠯᠢ ᠵᠤ᠋ ᠶᠢᠨ ᠪᠦᠳᠦᠭᠦᠯᠢᠭ᠌ ᠪᠠᠯᠴᠢᠭᠡᠷ ᠨᠢ ᠴᠤ ᠠᠠᠵᠢᠰᠤᠨ ᠬᠤᠰᠢᠭᠤᠨ ᠤ ᠬᠠᠷ᠎ᠠ ᠳᠠᠯᠭᠢᠭᠳᠠᠯ ᠡᠴᠠ ᠮᠤᠯᠳᠤᠷᠠᠵᠤ ᠴᠢᠳᠠᠭᠰᠠᠨ ᠦᠭᠡᠶ ᠳᠠᠷᠢᠶᠠᠨ ᠭᠠᠵᠠᠷ ᠪᠣᠯᠤᠨ ᠬᠤᠪᠢᠷᠠᠵᠠᠢ᠃ ᠡᠭᠦᠨ ᠤ ᠳ᠋ᠦ᠋ᠩ ᠳᠤ ᠥᠩᠭᠡᠷᠡᠭ᠍ᠰᠡᠨ ᠤ ᠢᠩᠳᠤ ᠶᠢᠨ ᠪᠠᠯᠴᠢᠭᠡᠷ᠂ ᠴᠠᠭᠠᠨ ᠭᠦᠡᠳᠡᠢ᠂ ᠣᠯᠠᠭᠠᠨ ᠡᠷᠭᠢ᠂ ᠳᠠᠯ ᠤᠨ ᠭᠦᠡᠳᠡᠢ ᠵᠡᠷᠭᠡ ᠨᠤᠳᠤᠭ ᠨᠢ ᠬᠣᠢ᠌ᠨ᠎ᠠ ᠬᠣᠢ᠌ᠨ᠎ᠠ ᠡᠴᠠ ᠪᠠᠨ ᠳᠠᠷᠢᠶᠠᠨ ᠭᠠᠵᠠᠷ ᠪᠣᠯᠤᠨ ᠬᠤᠪᠢᠷᠠᠭᠠᠤᠨ᠂ ᠭᠠᠯᠠᠭᠤ ᠰᠢᠪᠠᠭᠤ ᠳᠤᠩᠭ᠋ᠤᠳᠤᠨ᠂ ᠠᠷᠢᠶᠠᠳᠠᠨ ᠠᠮᠢᠳᠠᠨ ᠳᠤᠭᠯᠠᠭᠰᠠᠨ ᠦᠶᠡᠷ ᠪᠣᠷᠤᠭᠠᠨ ᠢ ᠬᠠᠯᠠᠬᠠᠯᠠᠳᠠᠭ ᠣᠢ᠌ᠯᠠᠳᠤᠯ ᠶᠢᠡᠨ ᠨᠢᠭᠡᠨᠲᠡ ᠠᠯᠳᠠᠵᠤ᠂ ᠨᠤᠳᠤᠭ ᠨᠢ ᠨᠤᠷᠮᠠᠰᠢᠵᠤ᠂ ᠪᠣᠯᠠᠭ ᠨᠢ ᠰᠤᠬᠤᠷᠠᠵᠤ᠂ ᠭᠤᠷᠤᠬ᠎ᠠ ᠨᠢ ᠬᠠᠳᠠᠭᠠᠤᠨ᠂ ᠰᠦᠷᠯᠢᠭ᠌ ᠣᠷᠤᠰᠬᠠᠯᠳᠤ ᠬᠤᠭᠤᠯᠳᠤ ᠶᠢᠨ ᠭᠤᠤᠯ ᠨᠢ ᠴᠤ ᠣᠯᠠᠷᠢᠯ ᠤᠨ ᠴᠢᠨᠠᠷᠳᠠᠢ ᠪᠠᠷ ᠣᠷᠤᠰᠬᠠᠯ ᠳᠠᠰᠤᠷᠠᠬᠤ ᠪᠣᠯᠵᠠᠢ᠃ ᠪᠠᠯᠴᠢᠭᠡᠷ ᠨᠢ ᠳᠠᠷᠢᠶ᠎ᠠ ᠪᠣᠯᠵᠤ ᠬᠤᠪᠢᠷᠠᠭᠰᠠᠨ ᠤ ᠳᠠᠷᠠᠭ᠎ᠠ ᠨᠤᠳᠤᠭ ᠤᠨ ᠮᠠᠯᠴᠢᠳ ᠰᠠ‍‌ᠶᠢ ᠳᠤᠰ ᠨᠤᠳᠤᠭ ᠤᠨ ᠭᠢᠷᠠᠭᠤ ᠦᠭᠡᠶ ᠬᠤᠭᠤᠴᠠᠭ᠎ᠠ ᠣᠬᠤᠷ᠂ ᠬᠤᠷᠠᠮᠳᠤᠯ ᠳᠤᠯᠠᠭᠠᠴᠠ ᠳᠤᠤᠷ᠎ᠠ ᠪᠠᠢ᠌ᠳᠠᠭ ᠴᠠᠭ ᠠᠭᠤᠷ ᠤᠨ ᠨᠥᠭᠦᠴᠡᠯ ᠨᠢ ᠳᠠᠷᠢᠶᠠᠯᠠᠩ ᠤᠨ ᠣᠨᠠᠯᠳᠠ ᠣᠷᠤᠯᠭ᠎ᠠ ᠶᠢ ᠳᠡᠭᠡᠭᠰᠢᠯᠡᠭᠦᠯᠭᠦ ᠨᠢ ᠳᠤᠩ ᠭᠢᠵᠠᠭᠠᠷᠳᠠᠢ ᠪᠠᠢ᠌ᠳᠠᠭ ᠢ ᠳᠠᠨᠢᠵᠠᠢ᠃ ᠣᠳᠤ ᠳᠤᠰ ᠨᠤᠳᠤᠭ ᠲᠤ ᠪᠠᠰᠠ ᠠᠭᠤᠷᠬᠠᠢ ᠨᠡᠭᠡᠭᠡᠭᠦ ᠠᠵᠢᠯᠯᠠᠭᠠᠨ ᠶᠡᠭᠡᠪᠠᠷ ᠦᠷᠨᠢᠯᠳᠠᠢ ᠶᠠᠪᠣᠭᠳᠠᠵᠤ ᠪᠠᠢ᠌ᠭ᠎ᠠ ᠪᠦᠭᠡᠳ ᠭᠠᠵᠠᠷ ᠨᠤᠳᠤᠭ ᠢ ᠭᠡᠰᠡᠭᠯᠡᠨ ᠥᠭᠡᠷᠡᠴᠢᠯᠡᠭᠦ ᠠᠵᠢᠯᠯᠠᠭᠠᠨ ᠶᠡᠷᠦᠳᠡᠭᠡᠨ ᠵᠤᠭᠰᠤᠯᠳᠠ ᠦᠭᠡᠶ ᠶᠠᠪᠣᠭᠳᠠᠭᠰᠠᠭᠠᠷ ᠢᠷᠠᠵᠠᠢ᠃ ᠣᠬᠤᠷᠬᠠᠨ ᠠᠷᠪᠠᠨ ᠵᠢᠯ ᠤᠨ ᠬᠤᠭᠤᠴᠠᠭᠠᠨ ᠳᠤ ᠨᠡᠭᠦᠳᠡᠯ ᠮᠠᠯᠵᠢᠯ ᠨᠢ ᠳᠤᠰ ᠨᠤᠳᠤᠭ ᠤᠨ ᠣᠢ᠌ᠯᠠᠳᠪᠣᠷᠢᠯᠠᠯ ᠤᠨ ᠳᠠᠪᠴᠠᠩ ᠡᠴᠠ ᠲᠤᠢ᠌ᠯᠪᠣᠷᠢᠳᠠᠢ ᠣᠬᠤᠷᠢᠵᠤ᠂ ᠨᠡᠭᠦᠳᠡᠯ ᠮᠠᠯᠵᠢᠯ ᠭᠡᠳᠡᠭ᠌ ᠥᠭᠡ ᠨᠢ ᠭᠢᠴᠢᠶᠠᠯ ᠤᠨ ᠪᠢᠴᠢᠭ᠌ ᠲᠠᠭᠢ ᠨᠠᠷᠠᠰ ᠥᠭᠡ ᠪᠣᠯᠤᠨ ᠬᠤᠪᠢᠷᠠᠭᠠᠤᠨ ᠨᠤᠳᠤᠭ ᠤᠨ ᠬᠠᠭᠤᠴᠢᠳ ᠨᠢ ᠦᠷ᠎ᠡ ᠬᠣᠢ᠌ᠴᠢᠰ ᠲᠠᠭᠠᠨ ᠭᠡᠯᠡᠵᠤ ᠳᠠᠢ᠌ᠯᠪᠣᠷᠢᠯᠠᠬᠤ ᠡᠴᠠ ᠪᠢᠰᠢ ᠭᠢᠵᠤ ᠥᠵᠡᠭᠦᠯᠵᠤ ᠴᠢᠳᠠᠬᠤ ᠦᠭᠡᠶ ᠭᠡᠢ᠌ᠰᠪᠦᠷᠢ ᠣᠬᠠᠭᠳᠠᠬᠤᠨ ᠪᠣᠯᠤᠭᠰᠠᠨ ᠪᠠᠢ᠌ᠨ᠎ᠠ᠃

ᠬᠤᠭᠤᠯᠳᠤ ᠭᠠᠴᠠᠭᠠᠨ ᠤ ᠭᠢ ᠰᠢᠭ᠌ ᠬᠤᠪᠢᠷᠠᠯᠳᠠ ᠨᠢ ᠣᠠᠳᠤᠤ ᠭᠠᠴᠠᠭ᠎ᠠ ᠨᠤᠳᠤᠭ ᠲᠤ ᠮᠦᠨ ᠦᠷᠭᠦᠯᠵᠢᠯᠡᠨ ᠣᠷᠤᠰᠢᠵᠤ ᠪᠠᠢ᠌ᠭ᠎ᠠ ᠨᠢ ᠯᠠᠪᠳᠠᠢ᠃ ᠡᠨᠡ ᠪᠣᠯ ᠭᠡᠳᠤᠨ ᠮᠢᠩᠭ᠋ᠠᠨ ᠵᠢᠯ ᠤᠨ ᠳᠡᠦᠭᠡ ᠲᠡᠶ ᠳᠡᠯᠡᠭᠡᠢ ᠶᠢᠨ ᠮᠠᠰᠢ ᠣᠯᠠᠨ ᠰᠤᠶᠤᠯ ᠤᠨ ᠭᠠᠢ᠌ᠬᠠᠮᠰᠢᠭ ᠢ ᠡᠭᠦᠳᠦᠭ᠍ᠰᠡᠨ ᠨᠡᠭᠦᠳᠡᠯ ᠮᠠᠯᠵᠢᠯ ᠤᠨ ᠪᠣᠯᠪᠠᠰᠤᠨ ᠤ ᠳᠡᠦᠭᠡᠨ ᠳᠠᠪᠴᠠᠩ ᠳᠤ ᠣᠷᠤᠰᠢᠵᠤ ᠳᠤᠭᠳᠠᠨᠢᠬᠤ ᠪᠠ ᠭᠦᠭ᠍ᠵᠢᠭᠦ ᠶᠢᠨ ᠵᠠᠩᠭᠢᠯᠭ᠎ᠠ ᠶᠢᠨ ᠴᠠᠭ ᠦᠶ᠎ᠡ ᠮᠦᠨ᠃ ᠮᠦᠨ ᠴᠤ ᠨᠢᠭᠡ ᠦᠨᠳᠦᠰᠦᠳᠠᠨ ᠶᠠᠰᠤᠳᠠᠨ ᠤ ᠬᠤᠵᠢᠮ ᠢᠷᠡᠭᠡᠳᠦᠢ ᠳᠤ ᠬᠤᠯᠪᠣᠭᠳᠠᠬᠤ ᠴᠢᠬᠤᠯᠠ ᠰᠠᠳᠤᠪ ᠪᠣᠯᠤᠨ᠎ᠠ᠃ ᠶᠠᠮᠠᠷ ᠨᠢᠭᠡᠨ ᠭᠡᠷᠡᠭ᠌ ᠪᠣᠳᠠᠰ ᠨᠢ ᠳᠡᠭᠦᠨ ᠤ ᠣᠷᠤᠰᠢᠨ ᠳᠤᠭᠳᠠᠨᠢᠬᠤ ᠳᠤ ᠭᠡᠷᠡᠭ᠍ᠰᠡᠭᠦ ᠳᠡᠵᠢᠭᠡᠯ ᠰᠢᠮ᠎ᠠ ᠬᠠᠩᠭ᠋ᠠᠳᠠᠭ ᠭᠠᠳᠠᠭᠠᠳᠤ ᠣᠷᠴᠢᠨ ᠶᠢᠡᠨ ᠠᠯᠳᠠᠴᠢᠬᠠᠪᠠᠯ ᠳᠡᠭᠦᠨ ᠤ ᠳᠤᠳᠤᠭᠠᠳᠤ ᠠᠮᠢᠵᠢᠷᠠᠯ ᠤᠨ ᠭᠦᠴᠤᠨ ᠨᠢ ᠭᠡᠳᠦᠢ ᠴᠢᠩᠭ᠎ᠠ ᠪᠠᠢ᠌ᠯ᠎ᠠ ᠭᠡᠳ ᠬᠠᠮᠤᠭ ᠡᠴᠦᠰ ᠤᠨ ᠮᠥᠭᠦᠵᠤ ᠰᠥᠨᠦᠭᠦ ᠰᠤᠩᠭ᠋ᠤᠯᠳᠠ ᠡᠴᠠ ᠰᠠᠯᠵᠤ ᠵᠠᠢ᠌ᠳᠠᠬᠤᠶ᠎ᠠ ᠪᠠᠷᠭᠡ᠃ ᠨᠡᠭᠦᠳᠡᠯ ᠮᠠᠯᠵᠢᠯ ᠤᠨ ᠪᠣᠯᠪᠠᠰᠤᠨ ᠤ ᠬᠤᠵᠢᠮ ᠢᠷᠡᠭᠡᠳᠦᠢ ᠨᠢ ᠨᠡᠭᠡᠷᠡᠨ ᠭᠦᠮᠦᠰ ᠤᠨ ᠡᠯᠢᠭᠡ ᠵᠢᠷᠦᠭᠡ ᠶᠢ ᠡᠮᠳᠡᠷᠡᠭᠦᠯᠦᠮ᠎ᠡ ᠭᠤᠨᠢᠭᠳᠤ ᠰᠤᠩᠭ᠋ᠤᠯᠳᠠ ᠡᠴᠠ ᠮᠤᠯᠳᠤᠷᠠᠵᠤ ᠴᠢᠳᠠᠬᠤ ᠦᠭᠡᠶ ᠭᠡᠵᠤ ᠦᠦ ︖ ᠨᠡᠭᠦᠳᠡᠯᠴᠢᠨ ᠮᠠᠯᠴᠢᠳ ᠤᠨ ᠬᠣᠢ᠌ᠴᠢᠰ ᠤᠨ ᠵᠠᠩᠭᠢᠯᠭ᠎ᠠ ᠶᠢᠨ ᠴᠠᠭ ᠲᠤ ᠳᠤᠯᠤᠭᠳᠠᠭᠰᠠᠨ ᠪᠣᠳᠤᠯᠢᠶᠠᠠᠳᠤ ᠠᠰᠠᠭᠤᠳᠠᠯ ᠳᠤ ᠬᠠᠠᠳᠤᠬᠤ ᠣᠪᠣᠷ ᠨᠢ ᠡᠨᠡᠭᠦ ᠳᠤᠯᠭᠠᠮ᠎ᠠ ᠠᠰᠠᠭᠤᠳᠠᠯ ᠳᠤ ᠭᠢᠷᠢ ᠵᠡᠷᠭᠡ ᠨᠥᠯᠦᠭᠡ ᠥᠵᠡᠭᠦᠯᠵᠤ ᠴᠢᠳᠠᠬᠤ ᠪᠣᠯ ︖


ᠵᠤᠬᠢᠶᠠᠭᠴᠢ ᠶᠢᠨ ᠬᠠ‍‌ᠶᠢᠭ ᠄ ᠵᠡᠭᠦᠨ ᠪᠠᠭᠠᠷᠢᠨ

ᠵᠤᠬᠢᠶᠠᠭᠴᠢ᠄ ᠵᠤᠷᠢᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6175
ᠴᠠᠭ᠄ 2012 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ