ᠨᠡᠪᠲᠡᠷᠡᠨ ᠤᠷᠤᠬᠤ
ᠵᠠᠢ᠌ᠰᠠᠩ ᠳᠤᠯᠤᠭᠠᠢ ᠳ᠋ᠤ

ᠽᠠᠠᠪᠣᠯᠢᠩ ᠤᠨ ᠣᠯᠤᠰ ᠠᠮᠢᠳᠠᠨ ᠣᠯᠠᠭᠠᠠᠪᠠᠭᠠᠳᠤᠷ ᠲᠤ ᠢᠷᠡᠭᠦ ᠳ᠋ᠡᠭᠡᠨ

ᠵᠠᠢ᠌ᠰᠠᠩ ᠳᠤᠯᠤᠭᠠᠢ ᠳᠤ ᠵᠠᠪᠠᠯ ᠨᠢᠭᠡ ᠭᠠᠷᠳᠠᠭ᠃

ᠵᠠᠶᠠᠭ᠎ᠠ ᠳᠠᠪᠢᠯᠠᠩ ᠶᠢᠡᠨ ᠰᠥᠰᠦᠭᠯᠡᠨ ᠳᠠᠭᠠᠳᠬᠠᠵᠤ

ᠵᠠᠮ ᠮᠦᠷ ᠶᠢᠡᠨ ᠵᠠᠯᠪᠠᠷᠢᠨ ᠳᠠᠯᠠᠯᠤᠵᠤ ᠪᠠᠢ᠌ᠨ᠎ᠠ ᠭᠡᠵᠤ

ᠵᠢᠭᠠᠯ ᠦᠶ᠎ᠡ ᠡᠴᠡ ᠪᠠᠨ ᠪᠢ ᠪᠣᠳᠤᠳᠠᠭ᠃

              

ᠣᠳᠠᠭᠠᠨ ᠣᠨ ᠠᠵᠢᠭᠯᠠᠨ ᠰᠢᠡᠵᠢᠭ᠍ᠰᠡᠭᠡᠷ

ᠣᠤᠷ ᠰᠠᠨᠠᠭ᠎ᠠ ᠶᠢ ᠨᠢ ᠰᠠ‍‌ᠶᠢ ᠮᠠᠳᠠᠵᠠᠢ᠃

ᠣᠯᠠᠭᠠᠠᠪᠠᠭᠠᠳᠤᠷ ᠤᠨ ᠪᠦᠭᠦᠯᠢ ᠦᠵᠡᠮᠵᠢ ᠶᠢ ᠬᠠᠷᠠᠨ᠎ᠠ ᠭᠡᠵᠤ

ᠣᠬᠠᠭ᠎ᠠ ᠰᠠᠢ᠌ᠯᠤᠨ ᠪᠣᠳᠤᠯ ᠭᠠᠠᠵᠤᠭᠠᠯᠠᠨ

ᠣᠭ ᠡᠴᠡ ᠪᠠᠨ ᠳᠡᠭᠦᠨ ᠳᠤ ᠠᠪᠠᠷᠢᠳᠠᠭ ᠯᠠ ᠪᠠᠢ᠌ᠵᠠᠢ᠃


2010.07.26 ᠊᠊᠊᠊᠊᠊᠊᠊᠊᠊᠊᠊᠊᠊᠊ 08.08 ᠤᠯᠠᠭᠠᠨᠪᠠᠭᠠᠳᠤᠷ ᠊᠊᠊᠊᠊᠊᠊᠊᠊᠊᠊᠊᠊᠊᠊  ᠬᠦᠬᠡᠬᠤᠲᠠ


* ᠵᠠᠢ᠌ᠰᠠᠩ ᠳᠤᠯᠤᠭᠠᠢ ᠊᠊᠊᠊᠊᠊᠊᠊᠊᠊᠊᠊᠊᠊᠊   ᠣᠯᠠᠭᠠᠪᠠᠭᠠᠳᠤᠷ ᠬᠤᠳᠠ ᠶᠢᠨ ᠡᠮᠤᠨ᠎ᠡ ᠪᠣᠭᠳᠠ ᠠᠭᠤᠯᠠ ᠶᠢᠨ ᠠᠷᠤ ᠬᠤᠷᠮᠤᠢ ᠳᠤ ᠪᠠᠢ᠌ᠭ᠎ᠠ ᠥᠡᠳᠦᠷᠯᠢᠭ᠌ ᠤᠷᠦᠢ᠃   ᠡᠨᠡ ᠣᠷᠤᠢ ᠳᠡᠭᠡᠷ᠎ᠡ ᠭᠠᠷᠪᠠᠯ ᠣᠯᠠᠭᠠᠠᠪᠠᠭᠠᠳᠤᠷ ᠬᠤᠳᠠ ᠶᠢᠨ ᠪᠦᠭᠦᠯᠢ ᠦᠵᠡᠮᠵᠢ ᠶᠢ ᠪᠦᠷ ᠢ ᠣᠯᠤᠭᠠᠤᠨ  ᠬᠠᠷᠠᠴᠢᠬᠠᠳᠠᠭ᠃


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2010 ᠤᠨ ᠤ 10 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ