☆ ᠰ·ᠮᠥᠩᠭᠡᠨᠡᠷᠡᠰᠤ
ᠮᠢᠨᠤ ᠬᠠᠢ᠌ᠷᠠᠳᠠᠢ ᠬᠤᠶᠠᠷ ᠠᠯᠠᠭ
ᠮᠤᠤᠷ
ᠣᠬᠠᠭᠠᠨ ᠬᠠᠷᠠᠬᠠᠨ ᠣᠷᠤᠭᠠᠳᠠᠢ ᠪᠠᠢ᠌ᠭᠰᠠᠨ ᠵᠢᠯ
ᠣᠯᠠᠭᠠᠨ ᠭᠤᠤ ᠳᠤ ᠪᠠᠨ ᠨᠠᠭᠠᠳᠴᠤ ᠥᠰᠦᠭ᠍ᠰᠡᠨ ᠦᠶ᠎ᠡ
ᠬᠠᠩᠵᠤᠨ ᠤ ᠮᠢᠨᠢ ᠴᠢᠮᠡᠭ᠌ ᠬᠠᠷ᠎ᠠ ᠡᠷᠢᠶᠡᠨ ᠮᠤᠤᠷ ᠶᠢᠡᠨ
ᠬᠠᠢ᠌ᠷᠠᠯᠠᠬᠤ ᠶᠢ ᠮᠡᠳᠡᠭᠦ ᠦᠭᠡᠶ ᠬᠠᠯᠠ ᠥᠵᠡᠭᠦᠯᠳᠡᠭ᠌ ᠪᠠᠢ᠌ᠯ᠎ᠠ
ᠡᠷᠢᠶᠡᠨ ᠮᠤᠤᠷ ᠢ ᠮᠢᠨᠢ ᠡᠭ᠍ᠰᠢᠭᠡᠯᠡ ᠭᠡᠳ
ᠡᠮᠡᠭᠡ ᠮᠢᠨᠢ ᠨᠢᠳᠤᠨ ᠳᠤ ᠪᠠᠨ ᠵᠠᠢ᠌ᠷ ᠲᠡᠶ ᠪᠠᠢ᠌ᠯ᠎ᠠ
ᠨᠠᠳᠠ ᠡᠴᠡ ᠢᠯᠡᠭᠦᠤ ᠰᠠᠨᠠᠯ᠎ᠠ ᠭᠡᠵᠤ ᠪᠢ
ᠨᠠᠢ᠌ᠷ ᠬᠠᠢ᠌ᠷ᠎ᠠ ᠦᠭᠡᠶ ᠠᠳᠠᠯᠠᠳᠠᠭ ᠪᠠᠢ᠌ᠯ᠎ᠠ
ᠨᠠᠰᠤ ᠨᠡᠮᠡᠭ᠍ᠳᠡᠵᠤ ᠣᠬᠠᠭᠠᠨ ᠰᠠᠷᠠᠭᠤᠯᠵᠢᠯᠠ
ᠨᠠᠭᠠᠳᠴᠤ ᠨᠠᠷᠭᠢᠭᠰᠠᠨ ᠮᠢᠨᠢ ᠡᠨᠡᠦᠭᠡᠨ ᠳᠤ ᠪᠠᠢ᠌ᠯ᠎ᠠ
ᠨᠠᠭᠠᠰᠢᠯᠠᠪᠠᠯ ᠪᠠᠵᠠᠵᠤ ᠴᠠᠭᠠᠰᠢᠯᠠᠬᠤ ᠳᠤ ᠨᠢ ᠴᠢᠯᠠᠭᠤᠳᠠᠳᠠᠭ
ᠨᠠᠢ᠌ᠷ ᠦᠭᠡᠶ ᠮᠤᠤᠷ ᠲᠤ ᠬᠠᠷᠢᠨ ᠬᠠᠢ᠌ᠷᠠᠳᠠᠢ ᠪᠣᠯᠤᠯ᠎ᠠ
ᠬᠠᠶᠠ ᠬᠠᠶᠠ ᠵᠡᠭᠦᠳᠤᠨ ᠳᠤᠳᠤᠷ᠎ᠠ
ᠬᠠᠢ᠌ᠷᠠᠳᠠᠢ ᠮᠤᠤᠷ ᠮᠢᠨᠢ ᠠᠯᠢᠶᠠᠯᠠᠵᠤ ᠬᠠᠷᠠᠭᠳᠠᠨ᠎ᠠ
ᠭᠦᠰᠡᠯ ᠮᠦᠷᠦᠭᠡᠳᠦᠯ ᠤᠨ ᠡᠴᠢᠨ᠎ᠡ ᠳᠠᠯᠳᠠ ᠡᠴᠡ
ᠭᠦᠭᠡᠷᠦᠭᠦᠢ ᠡᠮᠡᠭᠡ ᠮᠢᠨᠢ ᠪᠦᠭ᠍ᠳᠥᠢᠵᠤ ᠨᠠᠭᠠᠰᠢᠯᠠᠨ᠎ᠠ
ᠬᠠᠷ᠎ᠠ᠂ ᠰᠢᠷ᠎ᠠ ᠭᠡᠵᠤ ᠢᠯᠭᠠᠯ ᠥᠭᠡᠢ
ᠬᠠᠢ᠌ᠷᠠᠯᠠᠵᠤ ᠮᠤᠤᠷ ᠢ ᠡᠩᠭᠦᠷᠡᠢ᠌ᠯᠡᠳᠡᠭ᠌ ᠮᠢᠨᠢ
ᠬᠠᠷᠠᠳᠠᠵᠤ ᠭᠤᠶᠠᠳᠠᠭᠰᠠᠨ ᠰᠡᠳᠭᠢᠯ ᠤᠨ ᠦᠷᠢ ᠳᠤ ᠪᠠᠨ ᠤᠤ
ᠬᠠᠢ᠌ᠷᠠᠳᠠᠢ ᠡᠮᠡᠭᠡ ᠶᠢᠨ ᠶᠢᠡᠨ ᠨᠢᠯᠪᠣᠰᠤᠨ ᠳᠤ ᠨᠢ ᠤᠤ
ᠡᠷᠪᠠᠭᠡᠢ
ᠨᠠᠷᠠᠯᠠᠭ ᠰᠠᠢ᠌ᠬᠠᠨ ᠵᠤᠨ ᠤ ᠪᠠᠢ᠌ᠭᠠᠯᠢ ᠳᠤᠯᠢᠳᠠᠨ
ᠨᠠᠮᠤᠭᠤᠨ ᠴᠡᠩᠭᠡᠷ ᠴᠠᠪ ᠤᠨ ᠨᠠᠭᠤᠷ ᠳᠤᠨᠤᠯᠵᠠᠨ ᠮᠦᠰᠢᠶᠠᠨᠡ
ᠨᠠᠪᠴᠢᠨ ᠨᠤᠭᠤᠭᠠᠨ ᠳᠤᠷᠠᠯᠠᠯ ᠭᠦᠪᠦᠷᠡᠵᠤ
ᠨᠠᠷᠢᠬᠠᠨ ᠳᠤᠯᠭᠢᠶᠠᠨ ᠳᠤ ᠨᠢ ᠰᠡᠳᠭᠢᠯ ᠭᠦᠪᠦᠯᠵᠡᠨ᠎ᠡ
ᠠᠭᠠᠷ ᠲᠤ ᠳᠠᠪᠳᠠᠷᠢᠨ ᠰᠢᠪᠠᠭᠤᠳ ᠭᠠᠩᠭ᠋ᠠᠨᠠᠵᠤ
ᠠᠶᠠᠷ ᠠᠶᠠᠷ ᠨᠠᠭᠤᠷ ᠶᠢᠡᠨ ᠦᠨᠦᠰᠤᠨ᠎ᠡ
ᠰᠡᠩᠭᠢᠨᠡᠭᠦ ᠰᠠᠯᠭᠢ ᠨᠢ ᠡᠷᠪᠠᠭᠡᠢ ᠲᠡᠶ ᠪᠠᠨ
ᠰᠡᠮᠭᠡᠨ ᠰᠡᠮᠭᠡᠨ ᠴᠡᠴᠡᠭᠡᠰ ᠶᠢᠡᠨ ᠢᠯᠪᠢᠨ᠎ᠡ
ᠴᠡᠴᠡᠭ᠌ ᠨᠢ ᠠᠩᠭᠢᠯᠤᠵᠤ ᠡᠷᠪᠠᠭᠡᠢ ᠪᠠᠨ ᠰᠤᠭᠳᠤᠭᠠᠨᠠ
ᠴᠢ ᠮᠢᠨᠢ ᠨᠠᠳᠠ ᠳᠤ ᠪᠠᠨ ᠪᠠᠭᠤᠪᠴᠢ ᠭᠦᠷᠤᠨ᠎ᠡ
ᠭᠠᠩᠭ᠋ᠠᠩ ᠴᠡᠴᠡᠭ᠌ ᠤᠨ ᠪᠠᠭᠤᠪᠴᠢ ᠴᠢᠨᠢ ᠭᠠᠷ ᠢ ᠮᠢᠨᠢ ᠣᠷᠢᠶᠠᠭᠰᠠᠨ ᠴᠠᠭ ᠡᠴᠡ
ᠭᠠᠯ ᠬᠠᠯᠠᠭᠤᠨ ᠬᠠᠢ᠌ᠷ᠎ᠠ ᠳᠤ ᠴᠢᠨᠢ ᠪᠢ ᠮᠥᠩᠭᠡ ᠳᠦᠷᠠᠯᠵᠠᠪᠠ
ᠵᠢᠷᠭᠠᠯ ᠬᠠᠢ᠌ᠷᠠᠯᠠᠭᠰᠠᠨ ᠳᠠᠷᠠ ᠨᠢᠭᠡᠨ ᠵᠤᠨ ᠳᠤ ᠪᠠᠨ
ᠵᠠᠭᠤᠨ ᠵᠠᠭᠤᠨ ᠵᠢᠯ ᠳᠠᠯᠠᠷᠬᠠᠨ ᠰᠥᠭᠦᠳᠦᠮᠡᠷ
ᠳᠤᠷᠠᠯᠠᠯ ᠤᠨ ᠳᠡᠭ᠍ᠷᠢ ᠳᠤ ᠵᠢᠷᠦᠭᠡ ᠲᠡᠶ ᠮᠢᠨᠢ ᠬᠠᠮᠳᠤ ᠳᠡᠪᠳᠡᠷᠢᠭ᠍ᠰᠡᠨ
ᠳᠤᠷᠠᠰᠤᠯ ᠬᠠᠢ᠌ᠷ᠎ᠠ ᠶᠢᠨ ᠮᠢᠨᠢ ᠣᠶᠠᠬᠠᠨ ᠳᠠᠭᠢᠨᠢ ᠊᠊᠊᠊᠊᠊᠊᠊᠊᠊᠊᠊᠊᠊᠊ ᠡᠷᠪᠠᠭᠡᠢ ᠳᠤ ᠪᠢ ᠬᠠᠢ᠌ᠷᠠᠳᠠᠢ᠃
ᠵᠤᠬᠢᠶᠠᠭᠴᠢ ᠶᠢᠨ ᠬᠠᠶᠢᠭ᠄ ᠪᠠᠭᠠᠷᠢᠨ ᠪᠠᠷᠠᠭᠤᠨ ᠬᠤᠰᠢᠭᠤᠨ ᠤ ᠴᠠᠭᠠᠠᠮᠤᠷᠠᠨ ᠪᠠᠯᠭᠠᠰᠤ᠂ ᠰᠢᠪᠠᠷᠳᠠᠢ ᠭᠤᠤᠯ ᠪᠠᠭ᠎ᠠ ᠰᠦᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ