☆ ᠰ·ᠮᠥᠡᠭᠡᠨᠡᠷᠡᠰᠤ
ᠬᠤᠯᠠ ᠶᠢᠨ ᠰᠠᠢ᠌ᠬᠠᠨ ᠱᠠᠩᠳᠤ
ᠣᠯᠠᠨ ᠵᠠᠭᠤᠨ ᠤ ᠳᠡᠷᠳᠡᠭᠡᠭᠢ
ᠰᠢᠷᠭᠠᠯ ᠬᠠᠭᠤᠳᠠᠰᠤ ᠶᠢ ᠰᠡᠭᠦᠵᠤ
ᠣᠷᠴᠢᠭᠰᠠᠨ ᠳᠡᠦᠭᠡ ᠶᠢᠨ
ᠪᠠᠯᠠᠷᠠᠭ᠎ᠠ ᠦᠭᠡᠶ ᠮᠦᠷ ᠢ ᠮᠦᠰᠭᠢᠵᠤ
ᠵᠡᠭᠡᠰᠤ ᠨᠢ ᠨᠠᠢ᠌ᠭᠤᠵᠤ
ᠴᠡᠴᠡᠭᠡᠰ ᠨᠢ ᠮᠥᠰᠢᠶᠡᠭ᠍ᠰᠡᠨ
ᠵᠡᠭᠦᠳᠤᠨ ᠤ ᠶᠤᠮᠰᠢᠭ ᠰᠠᠢ᠌ᠬᠠᠨ ᠱᠠᠩᠳᠤ ᠳ᠋ᠤ
ᠵᠡᠭᠦᠳᠤ ᠪᠠᠷ ᠶᠢᠡᠨ ᠪᠢᠰᠢ ᠦᠨᠡᠨ ᠣᠴᠢᠭᠰᠠᠨ ᠶᠤᠮ ᠳ᠋ᠡ
ᠡᠴᠢᠭᠡ ᠬᠠᠭᠠᠤᠨ ᠤᠨ ᠭᠡᠭᠡᠨ ᠰᠦᠨᠠᠰᠤᠨ ᠳᠤ ᠰᠥᠭᠦᠳᠭᠦ ᠳ᠋ᠤ
ᠨᠤᠶᠠᠯᠠᠨ ᠵᠠᠭᠢᠷᠤᠭᠰᠠᠨ ᠳᠡᠦᠭᠡ ᠶᠢᠨ
ᠠᠯᠳᠠᠨ ᠳᠦᠷᠦᠭᠡ ᠬᠠᠩᠭᠢᠨᠠᠭᠰᠠᠨ ᠢ ᠴᠢᠩᠨᠠᠯ᠎ᠠ ᠁
ᠳᠤᠮᠤᠭ ᠭᠦᠦᠷᠨᠢᠵᠤ ᠦᠯᠡᠳᠡᠭ᠍ᠰᠡᠨ ᠪᠠᠭᠤᠷᠢ ᠶᠢᠨ ᠴᠢᠯᠠᠭᠤ ᠶᠢ ᠢᠯᠪᠢᠭᠦ ᠳ᠋ᠤ
ᠨᠤᠶᠠᠷᠬᠠᠨ ᠡᠵᠡᠯᠡᠭ᠍ᠰᠡᠨ ᠳᠡᠯᠡᠭᠡᠢ
ᠣᠯᠠ ᠶᠢᠨ ᠳᠤᠤᠷ᠎ᠠ ᠴᠢᠨᠢ ᠪᠠᠢ᠌ᠭᠰᠠᠨ ᠢ ᠬᠠᠷᠠᠯ᠎ᠠ ᠁
ᠰᠤᠤᠳᠤ ᠪᠠᠭᠠᠳᠤᠷ ᠤᠨ ᠳᠠᠪᠭᠢᠵᠤ ᠶᠠᠪᠣᠭᠰᠠᠨ ᠠᠭᠤᠳᠠᠮ ᠳᠠᠯ᠎ᠠ ᠪᠠᠷ
ᠰᠠᠯᠭᠢ ᠬᠤᠷᠭᠤᠳᠠᠵᠤ ᠮᠦᠷᠦᠭᠡᠳᠦᠯ ᠰᠢᠪᠠᠨᠡᠭ᠍ᠰᠡᠨ ᠢ ᠳᠤᠭᠤᠯᠤᠯ᠎ᠠ ᠁
ᠥᠩᠭᠡᠷᠡᠵᠤ ᠣᠳᠤᠭᠰᠠᠨ ᠦᠴᠦᠭᠡᠳᠦᠷ ᠤᠨ
ᠪᠠᠷᠠᠭᠠᠨ ᠭᠦᠰᠢᠭᠡᠨ ᠤ ᠴᠠᠭᠠᠨ᠎ᠠ
ᠥᠵᠡᠰᠭᠦᠯᠡᠩᠳᠤ ᠣᠷᠳᠤᠨ᠎ᠠ ᠶᠠᠭᠤ ᠪᠦᠭᠦᠨ
ᠳᠠᠢ᠌ᠪᠣᠩ ᠰᠠᠭᠠᠳᠠᠭᠰᠠᠨ ᠢ ᠬᠠᠷᠠᠯ᠎ᠠ ᠁
2010.8.21
ᠵᠤᠬᠢᠶᠠᠭᠴᠢ ᠶᠢᠨ ᠬᠠᠶᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠡᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ