☆ ᠰ·ᠠᠭᠤᠯᠠ
ᠮᠦᠷ ᠤᠨ ᠪᠣᠷᠤᠭᠠᠨ
ᠥᠩᠭᠡ ᠢᠯᠭᠠᠷᠠᠭᠰᠠᠨ ᠰᠢᠭᠦᠷ ᠶᠢᠡᠨ ᠴᠢ ᠳᠡᠯᠭᠡᠭᠡᠳ
ᠥᠨᠦᠭᠡᠨ ᠡᠭᠢᠯᠡᠭ᠍ᠰᠡᠨ ᠪᠣᠷᠤᠭᠠᠨ ᠤ ᠳᠤᠮᠳᠠᠭᠤᠷ ᠨᠠᠰᠢ ᠨᠡᠭᠦᠨ᠎ᠡ᠂
ᠦᠪᠴᠢ ᠴᠡᠩᠭᠡᠷ ᠪᠠᠩᠵᠠᠯ ᠤᠨ ᠴᠢᠨᠢ ᠳᠡᠷᠪᠠᠯᠵᠡᠭᠦ ᠶᠢ ᠳᠠᠭᠠᠵᠤ
ᠦᠷᠪᠢᠰᠴᠤ ᠡᠭᠢᠯᠡᠭ᠍ᠰᠡᠨ ᠨᠢᠭᠡᠨ ᠣᠴᠢ ᠳᠦᠷᠡᠯᠵᠡᠵᠤ ᠡᠭᠢᠯᠡᠨ᠎ᠡ᠃
ᠪᠣᠷᠤᠭᠠᠨ ᠦᠭᠡᠶ ᠣᠯᠠᠷᠢᠯ ᠳᠤ ᠥᠭᠦᠰᠢᠷᠡᠵᠤ ᠶᠠᠪᠣᠭᠰᠠᠨ ᠭᠦᠰᠡᠯ
ᠪᠣᠳᠤᠯ ᠤᠨ ᠭᠦᠨ ᠳᠤ ᠠᠶᠠᠷᠬᠠᠨ ᠱᠠᠪᠰᠢᠭᠳᠠᠵᠤ ᠠᠮᠢᠯᠠᠬᠤ ᠳᠤ᠂
ᠪᠣᠯᠪᠠᠷᠠᠢ ᠴᠠᠭᠠᠨ ᠭᠡᠦᠭᠡᠨ ᠬᠠᠴᠠᠷ ᠳᠠᠭᠢ ᠳᠡᠭ᠍ᠵᠢᠨ ᠢᠨᠢᠶᠡᠮᠰᠦᠭᠯᠡᠯ
ᠪᠣᠯᠳᠠᠭ ᠰᠠᠨ ᠪᠣᠯ ᠳᠠᠭᠠᠵᠤ ᠭᠦᠶᠦᠭᠦ ᠰᠠᠨᠠᠭ᠎ᠠ ᠳᠦᠷᠦᠭᠦᠯᠦᠨᠡ᠃
ᠪᠣᠷᠤᠭᠠᠨ ᠲᠡᠶ ᠬᠠᠮᠳᠤ ᠱᠠᠭᠢᠵᠤ ᠥᠩᠭᠡᠷᠡᠭ᠍ᠰᠡᠨ ᠪᠣᠳᠤᠯ
ᠪᠣᠷᠤᠭᠠᠨ ᠵᠤᠭᠰᠤᠬᠤ ᠪᠠᠷ ᠴᠠᠭᠠᠨ᠎ᠠ ᠡᠴᠡ ᠪᠠᠨ ᠡᠭᠢᠯᠡᠵᠤ ᠴᠡᠯᠮᠡᠭ᠍ᠰᠢᠯᠡ᠂
ᠪᠣᠳᠤᠭᠰᠢᠨ ᠰᠡᠷᠪᠠᠯᠵᠡᠭᠦ ᠪᠣᠮᠠᠨ ᠣᠷᠭᠤᠮᠠᠯ ᠡᠴᠡ ᠢᠯᠭᠠᠭᠳᠠᠬᠤ ᠨᠢ
ᠪᠣᠳᠠᠯᠠᠵᠤ ᠠᠮᠵᠢᠭ᠎ᠠ ᠦᠭᠡᠶ ᠬᠤᠷᠤᠮᠬᠠᠨ᠎ᠠ ᠬᠤᠷᠪᠣᠢ᠌ᠴᠢᠬᠠᠯᠠ᠃
ᠵᠤᠭᠢᠶᠠᠭᠴᠢ ᠶᠢᠨ ᠬᠠᠶᠢᠭ ᠄ ᠨᠢ᠋ᠮᠠᠨ ᠬᠤᠰᠢᠭᠤ
ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 01 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ