ᠨᠡᠪᠲᠡᠷᠡᠨ ᠤᠷᠤᠬᠤ
ᠪᠣᠯᠵᠤᠭᠠᠨ ᠤ ᠭᠠᠵᠠᠷ ᠡᠷᠢᠭ᠍ᠳᠡᠨ᠎ᠡ

ᠪᠠᠬ᠎ᠠ ᠰᠢᠮ᠎ᠠ ᠲᠡᠶ ᠰᠤᠷᠤᠯᠴᠠᠵᠤ ᠪᠠᠢ᠌ᠭᠰᠠᠨ

ᠪᠠᠭᠰᠢ ᠶᠢᠨ ᠰᠤᠷᠭᠠᠭᠤᠯᠢ ᠮᠢᠨᠢ ᠡᠷᠢᠭ᠍ᠳᠡᠨ᠎ᠡ

ᠪᠢᠯᠢᠭ᠌ ᠡᠷᠳᠡᠮ ᠶᠢᠡᠨ ᠮᠥᠴᠡᠷᠭᠡᠵᠤ ᠪᠠᠢ᠌ᠭᠰᠠᠨ

ᠪᠢᠰᠢᠭᠦᠢ ᠣᠯᠠᠨ ᠨᠥᠭᠦᠤᠨ ᠮᠢᠨᠢ ᠮᠥᠷᠦᠭᠡᠳᠦᠭ᠍ᠳᠡᠨ᠎ᠡ

ᠠᠩᠬᠠᠨ ᠤ ᠪᠣᠯᠵᠤᠭᠠᠨ ᠤ ᠡᠳᠦᠷ ᠶᠢᠡᠨ ᠭᠦᠯᠢᠶᠡᠭ᠍ᠰᠡᠨ

ᠢᠨᠠᠭ ᠤᠨ ᠥᠯᠢᠭᠡᠷ ᠬᠠᠭᠤᠴᠢᠯᠠᠭᠳᠠᠨ᠎ᠠ

ᠠᠩᠭᠢ ᠶᠢᠨ ᠪᠠᠭᠰᠢ ᠪᠠᠨ ᠵᠤᠪᠠᠭᠠᠵᠤ ᠪᠠᠢ᠌ᠭᠰᠠᠨ

ᠠᠯᠢᠶᠠᠬᠠᠨ ᠨᠠᠰᠤ ᠮᠢᠨᠢ ᠳᠤᠷᠠᠰᠤᠭᠳᠠᠨ᠎ᠠ

ᠬᠤᠪᠢ ᠳᠠᠪᠢᠯᠠᠩ ᠤᠨ ᠪᠣᠷᠤᠭᠤ ᠢᠷᠮᠡᠭ᠌ ᠲᠤ

ᠬᠤᠤᠰ ᠵᠢᠷᠦᠭᠡ ᠪᠠᠨ ᠳᠠᠷᠴᠢᠯᠭᠠᠵᠤ ᠶᠠᠪᠣᠭᠰᠠᠨ

ᠬᠤᠵᠢᠮ ᠤᠨ ᠠᠮᠢᠳᠤᠷᠠᠯ ᠳᠠᠭᠠᠨ ᠳᠤᠷᠠᠰᠬᠤ ᠥᠯᠢᠭᠡᠷ ᠲᠡᠶ

ᠬᠤᠩᠭ᠋ᠤᠷᠬᠠᠨ ᠡᠳᠦᠷ ᠤᠳ ᠠᠷᠤ ᠳᠤ ᠬᠤᠴᠤᠷᠠᠨ᠎ᠠ

ᠳᠤᠷᠠᠰᠤᠮᠵᠢ ᠭᠡᠯᠭᠢᠵᠤ ᠡᠷᠭᠢᠴᠡᠭᠦᠯᠦᠯ ᠭᠠᠠᠵᠤᠭᠠᠯᠠᠭᠰᠠᠨ

ᠳᠤᠷᠠᠯᠠᠯ ᠤᠨ ᠳᠤᠮᠤᠭ ᠵᠡᠭᠦᠳᠤᠨ ᠳᠤ ᠣᠶᠠᠩᠭ᠋ᠠᠷᠠᠨ᠎ᠠ

ᠳᠤᠷᠠᠰᠤᠯ ᠳᠠᠭᠠᠨ ᠵᠢᠷᠭᠠᠵᠤ ᠮᠥᠷᠦᠭᠡᠳᠦᠯ ᠳᠡᠭᠡᠨ ᠰᠤᠭᠳᠤᠭᠤᠷᠠᠭᠰᠠᠨ

ᠳᠤᠮᠤᠭ‍ᠯᠢᠭ ᠡᠳᠦᠷ ᠤᠳ ᠳᠡᠮᠳᠡᠭᠯᠡᠯ ᠳᠤ ᠦᠯᠠᠳᠠᠨ᠎ᠠ

ᠪᠠᠯ ᠪᠣᠷᠠᠮ ᠰᠢᠭ ᠰᠤᠷᠤᠭᠴᠢ ᠶᠢᠨ ᠠᠮᠢᠳᠤᠷᠠᠯ

ᠪᠣᠳᠤᠯ ᠤᠨ ᠳᠠᠠᠵᠢᠨ ᠳᠤ ᠦᠨᠢ ᠭᠦᠭᠡᠷᠡᠨ᠎ᠡ

ᠪᠣᠷᠤ ᠵᠢᠷᠦᠭᠡ ᠪᠠᠨ ᠪᠣᠯᠭᠢᠭᠤᠯᠵᠤ ᠭᠦᠯᠢᠶᠡᠳᠡᠭ᠌

ᠪᠣᠯᠵᠤᠭᠠᠨ ᠤ ᠭᠠᠵᠠᠷ ᠪᠠᠢ᠌ᠩᠭ᠋ᠤ ᠡᠷᠢᠭ᠍ᠳᠡᠨ᠎ᠡ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ