☆ ᠬᠠᠷᠠᠨᠤᠳ ᠳᠦᠷᠤ ᠵᠠᠶᠠᠭ᠎ᠠ
ᠺᠤᠮᠫᠠᠨᠢ
ᠡᠳ᠋ ᠤᠨ ᠵᠠᠰᠠᠭ ᠤᠨ ᠡᠷᠭᠡ ᠶᠢᠨ ᠪᠢᠴᠢᠭ᠌
ᠡᠳ᠋ᠯᠡᠵᠤ ᠳᠠᠭᠤᠰᠤᠰᠢ ᠦᠭᠡᠶ ᠬᠠᠤᠯᠢ ᠳᠦᠷᠢᠮ
ᠡᠷᠢᠯᠭᠢᠯᠡᠵᠤ ᠡᠳ᠋ ᠠᠰᠢᠭ ᠲᠤ ᠭᠦᠷᠳᠡᠭ᠌
ᠡᠯᠢᠭᠡ ᠨᠢᠭᠡᠳᠡᠢ ᠬᠠᠮᠳᠤ ᠴᠤᠭᠴᠠ ᠡ᠂
ᠡᠷᠭᠢᠮ ᠳᠠ ᠡᠨᠡ ᠳᠡᠭᠡᠷ᠎ᠡ ᠭᠠᠷ ᠤᠨ ᠥᠰᠦᠭ᠌ ᠶᠢᠡᠨ ᠵᠢᠷᠤ
ᠡᠷᠭᠢᠯᠳᠡᠨ ᠳᠤ ᠭᠦᠷᠦᠩᠭᠡ ᠮᠦᠩᠭᠦᠨ ᠤ ᠠᠮᠢ ᠪᠣᠢ
ᠡᠷᠭᠡ ᠡᠭᠦᠷᠭᠡ ᠶᠢᠨ ᠳᠠᠭᠠᠤ ᠡᠨᠡ ᠳᠡᠭᠡᠷ᠎ᠡ ᠭᠠᠷ ᠤᠨ ᠶᠢᠡᠨ ᠥᠰᠦᠭ᠌ ᠢ ᠵᠢᠷᠤ
ᠡᠰᠭᠡᠵᠤ ᠳᠦᠷᠢ ᠥᠵᠡᠭᠦᠯᠭᠦ ᠳᠤᠳᠤᠭᠠᠳᠤ ᠵᠢᠷᠤᠮ ᠪᠣᠢ᠂
ᠰᠠᠩ ᠭᠦᠤ ᠶᠢ ᠰᠠᠭᠢᠵᠤ ᠵᠢᠷᠤ
ᠱᠠᠵᠢᠭᠢᠨᠠᠭᠤᠯᠤᠨ ᠲᠦᠯᠭᠢᠭᠦᠷ ᠪᠠᠷᠢᠭᠰᠠᠨ ᠨᠢᠷᠪᠠ ᠳᠠᠠᠳᠠ ᠪᠣᠢ
ᠰᠠᠷ᠎ᠠ ᠶᠢᠨ ᠡᠴᠦᠰ ᠴᠠᠯᠢᠩ ᠪᠠᠭᠤᠬᠤ ᠳᠤ ᠵᠢᠷᠤ
《ᠰᠠᠢ᠌ᠬᠠᠨ ᠰᠠᠨᠠᠭ᠎ᠠ》 ᠲᠡᠶ ᠨᠢᠭᠳᠠᠯᠠᠨ ᠡ᠊ᠨᠳᠡ ᠪᠣᠢ᠂
ᠰᠠᠨᠠᠭ᠎ᠠ ᠪᠠᠨ ᠵᠦᠪ ᠭᠡᠯᠡᠵᠤ ᠵᠢᠷᠤ
ᠰᠡᠭᠦᠳᠡᠷ ᠨᠢ ᠮᠠᠷᠳᠠᠭᠳᠠᠬᠤ ᠦᠭᠡᠶ ᠮᠸᠨᠧᠵᠸᠷ ᠬᠠᠵᠠᠭᠤ ᠳᠤ ᠪᠣᠢ
ᠰᠠᠯᠵᠤ ᠶᠠᠳᠠᠭᠰᠠᠨ ᠳᠦᠷᠢ ᠥᠵᠡᠭᠦᠯᠤᠨ ᠪᠦᠭᠦᠯᠵᠡ
ᠰᠠᠢ᠌ᠬᠠᠨ ᠴᠢᠷᠠᠢ᠌ᠯᠢᠭ ᠨᠠᠷᠢᠨ ᠪᠢᠴᠢᠭ᠌ ᠡᠮᠤᠨ᠎ᠡ ᠴᠢᠨᠢ ᠪᠣᠢ᠂
ᠣᠷᠤᠨ ᠭᠠᠷᠤᠨ ᠬᠠᠭᠠᠯᠭ᠎ᠠ ᠪᠠᠨ ᠳᠠᠷᠤᠭᠠᠷᠠᠢ
ᠣᠪᠰᠠᠭᠠ ᠰᠢᠩᠭᠡᠭ᠍ᠰᠡᠨ ᠣᠹᠢᠽ ᠭᠡᠳᠡᠭ᠌ ᠨᠢᠭᠤᠴᠠ ᠰᠢᠤ
ᠣᠯᠵᠠ ᠠᠰᠢᠭ ᠤᠨ ᠦᠨᠡᠨ ᠳᠠᠩᠰᠠ ᠪᠠᠨ ᠳᠡᠯᠭᠡᠭᠡᠷᠡᠢ
ᠣᠯᠠᠭᠤᠯᠠ ᠪᠠᠨ ᠵᠥᠪᠰᠢᠭᠦ ᠣᠹᠢᠽ ᠭᠡᠭ᠍ᠴᠢ ᠨᠡᠭᠡᠭᠡᠯᠳᠡᠳᠡᠢ ᠰᠢᠤ᠂
ᠣᠯᠠᠨ ᠭᠦᠮᠤᠨ ᠤ ᠰᠡᠳᠭᠢᠯ ᠨᠡᠢ᠌ᠯᠡᠭ᠍ᠰᠡᠨ ᠺᠤᠮᠫᠠᠨᠢ ᠭᠡᠭ᠍ᠴᠢ
ᠣᠴᠢᠵᠤ ᠢᠷᠡᠭᠦ ᠠᠶᠠᠨ ᠵᠠᠮ ᠤᠨ ᠳᠠᠮᠵᠢᠶ᠎ᠠ ᠪᠢᠰᠢ
ᠣᠮᠤᠭ ᠰᠡᠷᠭᠦᠭᠡᠭᠦ ᠭᠤᠶᠤ ᠮᠠᠰᠢᠨ ᠤ ᠴᠢᠮᠡᠭ᠌ ᠪᠢᠰᠢ
ᠣᠷᠤᠯᠭ᠎ᠠ ᠪᠠᠨ ᠪᠠᠰᠠ ᠳᠠᠳᠠᠪᠣᠷᠢ ᠪᠠᠨ ᠨᠢᠭᠳᠠᠯᠠᠵᠤ ᠨᠠᠷᠢᠨ ᠣᠷᠤᠰᠢᠬᠤ
ᠣᠷᠴᠢᠯᠠᠩ ᠢ ᠳᠡᠯᠡᠭ᠍ᠰᠡᠨ ᠨᠢᠭᠡ ᠵᠣᠢ᠌ᠯ ᠤᠨ ᠣᠬᠠᠭᠠᠨ ᠶᠤᠮ ᠡ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 8691
ᠴᠠᠭ᠄ 2011 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ