☆ ᠴᠤ᠋·ᠣᠷᠭᠢᠯᠳᠤ
ᠡᠢ᠌ᠮᠤ ᠨᠢᠭᠡᠨ ᠠᠢ᠌ᠯ
ᠬᠤᠳᠠ ᠶᠢᠨ ᠣᠷᠳᠤᠤᠬᠠᠨ ᠳᠦᠷᠢᠶᠠᠰᠤᠨ ᠭᠡᠷ ᠤᠳ ᠤᠨ
ᠵᠡᠭᠦᠨ ᠴᠢᠭᠢᠪᠴᠢ ᠶᠢᠨ ᠭᠡᠷ ᠳᠤ
ᠭᠦᠳᠡᠭᠡ ᠭᠤᠪᠢ ᠶᠢᠨ ᠨᠢᠭᠡᠨ ᠪᠦᠰᠡᠭᠦᠢ
ᠭᠡᠦᠭᠡᠨ ᠳᠡᠭᠡᠨ ᠪᠢᠴᠢᠭ᠌ ᠥᠵᠡᠭᠦᠯᠵᠤ
ᠪᠣᠳᠠᠭ᠎ᠠ ᠴᠢᠨᠠᠭᠠᠤᠨ ᠵᠢᠯ ᠪᠣᠯᠬᠤ ᠳ᠋ᠤ
ᠭᠦᠪᠴᠢ ᠵᠢᠨ ᠣᠢ ᠶᠢᠨ ᠨᠢᠭᠡᠨ ᠡᠷ᠎ᠡ
ᠭᠦᠤ ᠪᠠᠨ ᠰᠤᠷᠭᠠᠭᠤᠯᠢ ᠰᠠᠭᠤᠯᠭᠠᠬᠤ ᠪᠠᠷ
ᠪᠠᠷᠠᠭᠤᠨ ᠴᠢᠭᠢᠪᠴᠢ ᠶᠢᠨ ᠭᠡᠷ ᠢ
ᠳᠦᠷᠢᠶᠠᠰᠤᠯᠠᠯᠠ᠃
ᠡᠳᠦᠷ ᠤᠨ ᠣᠳᠠᠭᠠᠨ ᠳ᠋ᠤ
ᠰᠠᠢ᠌ᠬᠠᠨ ᠠᠢ᠌ᠯ ᠠᠢ᠌ᠮᠠᠭ ᠪᠣᠯᠤᠯᠴᠠᠯᠠ᠃
ᠠᠢ᠌ᠯ ᠤᠨ ᠪᠦᠰᠡᠭᠦᠢ
ᠭᠦᠳᠡᠭᠡ ᠭᠡᠷ ᠲᠡᠭᠡᠨ ᠬᠠᠷᠢᠬᠤ ᠳ᠋ᠠᠭᠠᠨ
ᠠᠢ᠌ᠮᠠᠭ ᠤᠨ ᠶᠢᠡᠨ ᠡᠷ᠎ᠡ ᠶᠢ᠌ ᠭᠤᠶᠤᠳᠠᠭ ᠪᠣᠯᠪᠠ᠃
ᠠᠢ᠌ᠮᠠᠭ ᠤᠨ ᠡᠷ᠎ᠡ
ᠠᠷᠤ ᠭᠡᠷ ᠲᠡᠭᠡᠨ ᠶᠠᠪᠣᠬᠤ ᠳ᠋ᠠᠭᠠᠨ
ᠠᠢ᠌ᠯ ᠤᠨ ᠪᠦᠰᠡᠭᠦᠢ ᠪᠠᠷ ᠳᠤᠰᠠᠯᠠᠭᠤᠯᠳᠠᠭ ᠪᠣᠯᠪᠠ᠃
ᠳᠡᠭᠡᠭᠡᠳ
ᠬᠡᠦᠬᠡᠳ ᠶᠢᠡᠨ
ᠦᠷᠯᠦᠭᠡ ᠳᠤ ᠨᠢ ᠨᠡᠢ᠌ᠯᠡᠭᠦᠯᠦᠭᠡᠳ ᠭᠦᠷᠭᠡᠳᠡᠭ᠌ ᠪᠣᠯᠪᠠ᠂
ᠦᠳᠡ ᠳᠤ ᠨᠢ ᠨᠡᠢ᠌ᠯᠡᠭᠦᠯᠦᠭᠡᠳ ᠪᠣᠳᠠᠭᠠᠯᠠᠳᠠᠭ ᠪᠣᠯᠪᠠ ᠂
ᠣᠷᠤᠢ ᠳᠤ ᠨᠢ ᠨᠡᠢ᠌ᠯᠡᠭᠦᠯᠦᠭᠡᠳ ᠳᠤᠰᠳᠠᠭ ᠪᠣᠯᠪᠠ ᠂
ᠦᠳᠡᠰᠢ ᠳᠤ ᠨᠢ ᠨᠡᠢ᠌ᠯᠡᠭᠦᠯᠦᠭᠡᠳ ᠳᠠᠪᠳᠠᠭᠤᠯᠳᠠᠭ ᠪᠣᠯᠪᠠ᠃
ᠳᠡᠭᠡᠷ᠎ᠡ ᠬᠤᠭᠤᠴᠠᠭ᠎ᠠ
ᠳᠤᠯᠭ᠎ᠠ ᠪᠠᠨ ᠨᠢᠭᠡ ᠪᠤᠯᠭᠠᠭᠠᠳ ᠭᠡᠷᠡᠭᠯᠡᠭᠦ ᠪᠣᠯᠪᠠ᠂
ᠳᠦᠷᠢᠶᠠᠰᠤᠨ ᠭᠡᠷ ᠶᠢᠡᠨ ᠨᠢᠭᠡ ᠪᠣᠯᠭᠠᠭᠠᠤᠨ ᠳᠤᠰᠢᠶᠠᠬᠤ ᠪᠣᠯᠪᠠ ᠃
ᠳᠤᠤᠷ᠎ᠠ ᠤᠨ ᠬᠤᠭᠤᠴᠠᠭ᠎ᠠ
ᠬᠤᠶᠠᠷ ᠬᠡᠦᠬᠡᠳ ᠶᠢᠡᠨ ᠪᠠᠢ᠌ᠷᠢ ᠳᠤ ᠰᠠᠭᠤᠯᠭᠠᠭᠠᠤᠨ
ᠬᠤᠶᠠᠭᠤᠯᠠ ᠪᠠᠨ ᠨᠡᠢ᠌ᠯᠡᠭᠡᠳ ᠰᠠᠭᠤᠬᠤ ᠪᠣᠯᠪᠠ᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2653
ᠴᠠᠭ᠄ 2012 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ