☆ ᠠ᠊·ᠰᠠᠴᠠᠠᠪᠠᠭᠠᠳᠤᠷ
ᠠᠷᠳᠠᠭ ᠠᠪᠣ ᠶᠢᠨ ᠠᠭᠰᠤᠮ ᠭᠦᠤ
ᠠᠷᠤ ᠠᠢ᠌ᠯ ᠤᠨ ᠠᠷᠳᠠᠭ ᠠᠪᠣ ᠵᠢᠨ
ᠠᠭᠰᠤᠮ ᠨᠠᠷᠠ ᠲᠡᠶ ᠭᠦᠤ ᠪᠠᠢ᠌ᠯ᠎ᠠ
ᠠᠷᠪᠠᠨ ᠨᠠᠰᠤ ᠡᠴᠠ ᠪᠠᠨ ᠨᠥᠭᠦᠷᠯᠡᠭ᠍ᠰᠡᠨ
ᠠᠷᠢᠭᠢ ᠮᠤᠲ᠋ᠤᠷ ᠨᠠᠢ᠌ᠵᠢ ᠲᠡᠶ ᠪᠠᠢ᠌ᠯ᠎ᠠ
ᠳᠠᠷᠠᠰᠤ ᠨᠠᠢ᠌ᠵᠢ ᠲᠡᠶ ᠪᠠᠨ ᠳᠠᠭᠠᠷᠠᠮᠠᠭᠴᠠ
ᠳᠠᠰᠤᠯᠴᠠᠭᠠᠤᠨ ᠰᠠᠯᠬᠤ ᠦᠭᠡᠶ ᠨᠢ ᠭᠡᠴᠡᠭᠦᠤ ᠳ᠋ᠠ
ᠳᠠᠭᠢᠨ ᠳᠠᠭᠢᠨ ᠭᠦᠡᠳᠦᠷᠦᠭ᠍ᠰᠡᠭᠡᠷ
ᠳᠠᠷᠤᠵᠤ ᠣᠨᠠᠬᠤ ᠦᠭᠡᠶ ᠪᠠᠷ ᠵᠤᠭᠰᠤᠬᠤ ᠥᠭᠡᠢ
ᠳᠠᠷᠠᠰᠤ ᠪᠠᠨ ᠭᠡᠳᠦᠷᠡᠳᠡᠯ᠎ᠡ ᠪᠠᠯᠭᠤᠴᠢᠬᠠᠭᠠᠤᠨ
ᠮᠤᠲ᠋ᠤᠷ ᠲᠠᠭᠠᠨ ᠮᠤᠷᠳᠠᠬᠤ ᠨᠢ ᠠᠶᠤᠯ ᠲᠡᠶ ᠳ᠋ᠠ
ᠳᠠᠪᠠᠭ᠎ᠠ ᠭᠠᠩᠭ᠎ᠠ ᠶᠢ ᠬᠠᠮᠢᠶᠠᠷᠤᠯ ᠥᠭᠡᠢ
ᠳᠠᠪᠭᠢᠭᠤᠯᠵᠤ ᠨᠢᠰᠭᠡᠭᠦ ᠨᠢ ᠠᠶᠤᠮᠠᠷ ᠳ᠋ᠠ
ᠠᠪᠣ ᠶᠢᠨ ᠰᠠᠨᠠᠭᠤᠯᠤᠭᠰᠠᠨ ᠰᠤᠷᠭᠠᠯ ᠨᠢ
ᠠᠭᠠᠷ ᠲᠤ ᠳᠡᠭ᠍ᠳᠡᠭ᠍ᠰᠡᠨ ᠳᠤᠭᠤᠰᠤ ᠪᠠᠢ᠌ᠯ᠎ᠠ
ᠠᠪᠠᠭᠠᠢ ᠶᠢᠨ ᠭᠤᠩᠰᠢᠭᠰᠠᠨ ᠭᠤᠶᠤᠳᠠᠯ ᠨᠢ
ᠠᠷᠤ ᠳ᠋ᠤᠨᠢ ᠬᠤᠴᠤᠷᠠᠭᠰᠠᠨ ᠣᠳᠤᠭ᠎ᠠ ᠪᠠᠢ᠌ᠯ᠎ᠠ
ᠠᠩᠳᠠᠢ ᠠᠢ᠌ᠯ ᠤᠨ ᠠᠯᠮᠠᠰ ᠤᠨ
ᠠᠪᠣᠰᠢᠳᠠᠢ ᠬᠤᠷᠢᠮ ᠡᠴᠠ ᠨᠢ ᠪᠣᠴᠠᠬᠤ ᠳ᠋ᠠᠭᠠᠨ
ᠠᠭᠰᠤᠮ ᠠᠷᠢᠭᠢ ᠮᠤᠲ᠋ᠤᠷ ᠭᠤᠷᠪᠠ
ᠠᠢ᠌ᠯ ᠤᠨ ᠪᠠᠷ᠎ᠠ ᠪᠠᠨ ᠴᠢᠭᠯᠡᠪᠡ ᠭᠡᠨ᠎ᠡ
ᠠᠷᠢᠭᠢᠨ ᠤ ᠢᠳᠠ ᠠᠬᠠᠳᠠᠭᠠᠤᠨ
ᠮᠤᠲ᠋ᠤᠷ ᠤᠨ ᠬᠤᠷᠳᠤᠴᠠ ᠨᠡᠮᠡᠭ᠍ᠳᠡᠵᠤ ᠭᠡᠨ᠎ᠡ
ᠬᠠᠳᠠ ᠬᠠᠳᠠᠭᠤ ᠦᠦ᠂ ᠪᠢ ᠬᠠᠳᠠᠭᠤ ᠤᠤ
ᠬᠠᠷᠢᠭᠤᠯᠳᠠ ᠶᠢ ᠨᠢ ᠣᠯᠬᠤ ᠪᠠᠷ ᠭᠦᠴᠦᠯᠡᠵᠤ ᠭᠡᠨ᠎ᠡ
ᠴᠢᠯᠠᠭᠤ ᠳᠠᠮᠤᠷ ᠮᠦᠷᠭᠦᠯᠳᠦᠭᠡᠳ
ᠭᠠᠯ ᠪᠣᠯᠵᠤ ᠪᠣᠳᠠᠷᠠᠵᠤ ᠭᠡᠨ᠎ᠡ
ᠴᠢᠳᠠᠯ ᠲᠡᠶ ᠠᠭᠰᠤᠮ ᠰᠠᠪᠠᠭᠳᠠᠭᠠᠤᠨ
ᠭᠠᠪᠠᠯᠠ ᠳᠤᠬᠤ ᠦᠭᠡᠶ ᠨᠢᠴᠠᠷᠠᠵᠤ ᠭᠡᠨ᠎ᠡ
ᠭᠠᠰᠢᠭᠤᠨ ᠣᠰᠤ ᠶᠢ ᠵᠠᠯᠭᠢᠯᠠᠬᠤ ᠳ᠋ᠠᠭᠠᠨ
ᠣᠪᠣᠭ ᠶᠢᠡᠨ ᠮᠠᠳᠠᠪᠠᠯ ᠶᠠᠮᠠᠷ
ᠭᠠᠩᠭ᠋ᠠᠩ ᠮᠤᠲ᠋ᠤᠷ ᠳᠠᠭᠠᠨ ᠵᠠᠢ᠌ᠳᠠᠯᠠᠬᠤ ᠳ᠋ᠠᠭᠠᠨ
ᠣᠳᠤᠮ ᠶᠢᠡᠨ ᠴᠡᠭᠡᠵᠢᠯᠡᠪᠠᠯ ᠶᠠᠮᠠᠷ
ᠠᠳᠠᠯ ᠠᠮᠢᠳᠤᠷᠠᠯ ᠰᠠᠢ᠌ᠵᠢᠷᠠᠭᠰᠠᠨ ᠶᠤᠮ ᠴᠢᠨᠢ
ᠠᠷᠢᠭᠢ ᠮᠤᠲ᠋ᠤᠷ ᠢ ᠡᠳ᠋ᠯᠡᠭᠦ ᠨᠢ ᠵᠦᠪ
ᠠᠶᠠᠳᠠᠢ ᠰᠠᠢ᠌ᠬᠠᠨ ᠨᠠᠷᠭᠢᠬᠤ ᠳᠠᠭᠠᠨ
ᠠᠭᠰᠤᠮ ᠭᠦᠤ ᠪᠠᠷ ᠰᠤᠷᠭᠠᠮᠵᠢ ᠠᠪ ︕
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠠᠵᠢᠯ ᠮᠡᠷᠭᠡᠵᠢᠯ ᠤᠨ ᠰᠤᠷᠭᠠᠭᠤᠯᠢ
ᠵᠤᠬᠢᠶᠠᠭᠴᠢ᠄ ᠠ᠊·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2651
ᠴᠠᠭ᠄ 2012 ᠤᠨ ᠤ 02 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ