☆ ᠤᠯᠠᠭᠠᠨᠭᠡᠷᠡᠯ
ᠮᠥᠩᠭᠡ ᠰᠤᠶᠤᠯ ᠤᠨ ᠪᠣᠯᠵᠤᠭ᠎ᠠ
ᠳᠠᠶᠠᠭᠠᠷ ᠣᠯᠠᠨ ᠮᠤᠩᠭ᠋ᠤᠯᠴᠤᠳ ᠤᠨ
ᠳᠠᠷᠬᠠᠨ ᠰᠤᠶᠤᠯ ᠤᠨ ᠳᠠᠯᠠᠯᠭ᠎ᠠ
ᠳᠠᠩᠴᠢ ᠬᠤᠯᠠ ᠶᠢᠨ ᠠᠶᠠᠨ ᠤ
ᠳᠠᠯᠠᠪᠴᠢᠨ ᠳᠤ ᠮᠥᠩᠭᠡᠷᠡᠭᠦ ᠳᠡᠦᠭᠡ
ᠳᠠᠷᠴᠤᠭ ᠭᠦᠭᠡ ᠳᠤᠭ ᠤᠨ
ᠳᠡᠷᠪᠠᠭᠡᠨ ᠳᠤ ᠥᠤᠷᠰᠡᠭᠦ ᠭᠡᠢ᠌ᠮᠦᠷᠢ
ᠳᠠᠯᠠᠢ ᠨᠠᠭᠤᠷ ᠤᠨ ᠳᠤᠯᠭᠢᠶᠠᠨ ᠳᠡᠭᠡᠷ᠎ᠡ
ᠳᠠᠪᠬᠤᠷᠯᠠᠵᠤ ᠢᠪᠢᠯᠭᠦ ᠰᠢᠯᠦᠭ᠌
ᠮᠥᠩᠭᠡ ᠰᠤᠶᠤᠯ ᠤᠨ ᠪᠣᠯᠵᠤᠭ᠎ᠠ ᠪᠠᠢ᠌ᠭᠰᠠᠨ
ᠵᠠᠭᠤᠨ ᠵᠠᠭᠤᠨ ᠣᠨ ᠤ
ᠵᠤᠳᠤᠭ ᠪᠦᠳᠤᠨ ᠥᠯᠢᠭᠡᠷ ᠳᠡᠦᠭᠡ ᠪᠠᠨ
ᠵᠢᠷᠦᠭᠡ ᠳᠠᠷᠢᠭᠢ ᠬᠤᠶᠠᠷ ᠲᠠᠭᠠᠨ
ᠵᠡᠭᠦᠵᠤ ᠰᠢᠩᠭᠡᠭᠡᠵᠤ ᠥᠳᠡᠯᠦᠭ᠍ᠰᠡᠨ
ᠵᠥᠭ᠌ ᠵᠤᠪᠭᠢᠰ ᠤᠨ ᠪᠣᠭᠤᠷᠤᠯᠴᠤᠳ ᠮᠢᠨᠢ
ᠵᠡᠭᠦᠳᠦᠯᠡᠵᠤ ᠵᠦᠩᠨᠠᠵᠤ ᠶᠠᠪᠣᠭᠰᠠᠨ ᠮᠥᠷᠦᠭᠡᠳᠦᠯ ᠢ
ᠵᠤᠨ ᠰᠢᠭ ᠬᠠᠯᠠᠭᠤᠨ ᠶᠢᠡᠷ ᠣᠭᠳᠤᠵᠤ
ᠵᠢᠷᠤᠭ ᠰᠢᠭ ᠬᠠᠵᠠᠭᠤ ᠳᠤ ᠳᠡᠯᠭᠡᠳᠡᠭ᠌
ᠮᠥᠩᠭᠡ ᠰᠤᠶᠤᠯ ᠤᠨ ᠪᠣᠯᠵᠤᠭ᠎ᠠ ᠪᠠᠢ᠌ᠭᠰᠠᠨ
ᠭᠦᠪᠴᠢᠨ ᠨᠤᠭᠤᠭᠠᠨ ᠳᠠᠯ᠎ᠠ ᠶᠢᠨ ᠶᠢᠡᠨ
ᠴᠡᠴᠡᠭ᠌ ᠢ ᠮᠦᠰᠢᠶᠠᠳᠠᠯᠠ ᠳᠠᠭᠤᠯᠠᠳᠠᠭ
ᠭᠦᠷᠮ᠎ᠡ ᠴᠡᠩᠭᠡᠷ ᠬᠠᠳᠠᠨ ᠤ ᠪᠠᠨ
ᠴᠢᠯᠠᠭᠤ ᠶᠢ ᠨᠤᠷᠠᠳᠠᠯᠠ ᠰᠢᠯᠦᠭᠯᠡᠳᠡᠭ᠌
ᠭᠦᠰᠡᠯ ᠢᠷᠡᠭᠡᠳᠦᠢ ᠬᠤᠶᠠᠷ ᠶᠢᠡᠨ
ᠴᠤᠯᠤ ᠮᠤᠩᠭ᠋ᠤᠯ ᠶᠢᠡᠷ ᠢᠷᠦᠭᠡᠳᠡᠭ᠌
ᠭᠦᠭ᠍ᠵᠢᠯ ᠪᠠᠳᠠᠷᠠᠯ ᠬᠤᠶᠠᠷ ᠶᠢᠡᠨ
ᠴᠠᠪᠠᠷ ᠠᠷᠢᠭᠤᠨ ᠶᠢᠡᠷ ᠰᠡᠢ᠌ᠯᠳᠡᠭ᠌
ᠬᠤᠨᠢᠨ ᠤ ᠪᠣᠷᠤ ᠮᠠᠯᠴᠢᠳ ᠪᠣᠶᠤ
ᠬᠤᠳᠠ ᠶᠢᠨ ᠪᠣᠳᠤᠯᠭᠠᠨ ᠤ ᠮᠤᠩᠭ᠋ᠤᠯᠴᠤᠳ ᠤᠨ ᠮᠢᠨᠢ
ᠰᠠᠷᠠᠯ ᠤᠨ ᠴᠢᠯᠡᠭᠡ ᠶᠢ ᠳᠠᠢ᠌ᠯᠳᠠᠭ
ᠰᠫᠢᠷᠲ᠋ ᠪᠢᠰᠢ ᠷᠠᠰᠢᠶᠠᠨ
ᠰᠠᠤᠠᠭᠢᠯ ᠤᠨ ᠴᠢᠯᠦᠭᠡ ᠶᠢ ᠳᠠᠨᠢᠭᠤᠯᠳᠠᠭ
ᠰᠠᠷᠴᠢᠮ ᠪᠢᠰᠢ ᠡᠷᠳᠡᠮ
ᠮᠤᠩᠭ᠋ᠤᠯ ᠰᠤᠶᠤᠯ ᠤᠨ ᠪᠣᠯᠵᠤᠭ᠎ᠠ ᠪᠠᠢ᠌ᠭᠰᠠᠨ᠃
ᠭᠠᠵᠠᠷ ᠭᠠᠵᠠᠷ ᠤᠨ ᠭᠠᠯᠠᠭᠤᠳ ᠢ
ᠭᠠᠩᠭ᠋ᠠᠨᠠᠭᠤᠯᠵᠤ ᠨᠢᠭᠡ ᠵᠠᠯ᠎ᠠ ᠪᠣᠯᠭᠠᠳᠠᠭ
ᠭᠠᠯ ᠭᠠᠯ ᠤᠨ ᠢᠯᠴᠢ ᠶᠢ
ᠴᠤᠭᠰᠢᠭᠤᠯᠵᠤ ᠨᠢᠭᠡ ᠲᠦᠯᠦ ᠪᠣᠯᠭᠠᠳᠠᠭ
ᠭᠠᠷ ᠭᠠᠷ ᠤᠨ ᠬᠠᠯᠠᠭᠤᠨ ᠢ
ᠠᠤᠠᠬᠠᠭᠤᠯᠵᠤ ᠨᠢᠭᠡ ᠰᠠᠤᠠᠭᠢᠯ ᠪᠣᠯᠭᠠᠳᠠᠭ
ᠭᠠᠢ᠌ᠬᠠᠮᠰᠢᠭᠳᠤ ᠮᠤᠩᠭ᠋ᠤᠯ ᠰᠤᠶᠤᠯ ᠶᠢᠡᠨ
ᠴᠤᠭᠯᠠᠭᠤᠯᠵᠤ ᠨᠢᠭᠡ ᠰᠤᠳᠤᠷ ᠪᠣᠯᠭᠠᠳᠠᠭ
ᠭᠠᠳᠠᠨ᠎ᠠ ᠶᠢᠨ ᠭᠦᠮᠦᠰ ᠤᠨ ᠰᠤᠨᠤᠷ ᠢ
ᠭᠠᠢ᠌ᠬᠠᠭᠤᠯᠵᠤ ᠨᠢᠭᠡ ᠰᠦᠷ ᠪᠣᠰᠬᠠᠳᠠᠭ
ᠭᠠᠭᠴᠠ ᠳᠦᠷᠦᠭᠦ ᠴᠢᠩᠭᠢᠰ ᠳᠡᠭᠡᠳᠤ ᠪᠠᠨ
ᠳᠤᠷᠠᠰᠬᠠᠵᠤ ᠶᠡᠭᠡ ᠨᠠᠢ᠌ᠷ ᠡᠭᠦᠰᠭᠡᠳᠡᠭ᠌
ᠮᠥᠩᠭᠡ ᠰᠤᠶᠤᠯ ᠤᠨ ᠪᠣᠯᠵᠤᠭ᠎ᠠ ᠪᠠᠢ᠌ᠭᠰᠠᠨ
ᠭᠠᠵᠠᠷ ᠣᠰᠤᠨ ᠤ ᠪᠠᠨ ᠭᠤᠯᠤᠮᠳᠠ ᠶᠢᠡᠷ
ᠮᠥᠩᠭᠡ ᠭᠠᠯ ᠨᠤᠴᠤᠭᠠᠵᠤ
ᠭᠠᠭᠴᠠ ᠵᠤᠭᠰᠤᠭ᠎ᠠ ᠮᠤᠩᠭ᠋ᠤᠯ ᠭᠡᠯᠡ ᠪᠠᠷ ᠶᠢᠡᠨ
ᠮᠥᠩᠭᠡ ᠳᠤᠯᠭ᠎ᠠ ᠪᠠᠨ ᠨᠡᠷᠡᠳᠡᠭ᠌
ᠭᠠᠯᠢᠭ ᠣᠩᠰᠢᠯᠭ᠎ᠠ ᠶᠢᠨ ᠭᠦᠷᠢᠶᠡᠨ ᠳᠤ
ᠮᠥᠩᠭᠡ ᠴᠤᠤᠷᠢᠶ᠎ᠠ ᠨᠡᠭᠡᠭᠡᠳᠡᠭ᠌
ᠭᠠᠭᠴᠠᠬᠠᠨ ᠰᠢᠳᠦᠭᠡᠨ ᠰᠤᠶᠤᠯ ᠶᠢᠡᠷ ᠶᠢᠡᠨ
ᠮᠥᠩᠭᠡ ᠵᠤᠯᠠ ᠠᠰᠠᠭᠠᠳᠠᠭ
ᠭᠠᠳᠠᠰ ᠭᠠᠳᠠᠰ ᠤᠨ ᠦᠨᠳᠦᠷ ᠡᠴᠡ
ᠮᠥᠩᠭᠡ ᠠᠷᠴᠠ ᠪᠠᠨ ᠳᠠᠯᠠᠯᠳᠠᠭ
ᠭᠠᠯ ᠤᠨ ᠮᠥᠩᠭᠡ ᠳᠠᠯᠠᠯᠭ᠎ᠠ
ᠭᠠᠠᠳᠢᠷᠢ ᠶᠢᠨ ᠴᠢᠯᠠᠭᠤᠨ ᠭᠦᠰᠢᠶ᠎ᠡ
ᠭᠠᠯ ᠶᠢᠡᠷ ᠭᠦᠭ᠍ᠵᠢᠭᠦ ᠰᠤᠶᠤᠯ
ᠲᠦᠯᠦ ᠶᠢᠡᠷ ᠭᠡᠷᠡᠯᠳᠦᠭᠦ ᠢᠷᠡᠭᠡᠳᠦᠢ
ᠮᠥᠩᠭᠡ ᠰᠤᠶᠤᠯ ᠤᠨ ᠪᠣᠯᠵᠤᠭ᠎ᠠ ᠪᠠᠢ᠌ᠭᠰᠠᠨ᠃
ᠵᠤᠬᠢᠶᠠᠭᠴᠢ᠄ ᠤᠯᠠᠭᠠᠨᠭᠡᠷᠡᠯ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3118
ᠴᠠᠭ᠄ 2006 ᠤᠨ ᠤ 10 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ