ᠨᠡᠪᠲᠡᠷᠡᠨ ᠤᠷᠤᠬᠤ
ᠨᠢᠭᠤᠵᠤ ᠳᠤᠷᠠᠯᠠᠭᠰᠠᠨ ᠰᠡᠳᠭᠢᠯ ᠢ ᠮᠢᠨᠢ ᠦᠷᠦᠰᠢᠶᠠ

ᠨᠢᠭᠤᠵᠤ ᠳᠤᠷᠠᠯᠠᠭᠰᠠᠨ ᠰᠡᠳᠭᠢᠯ ᠢ ᠮᠢᠨᠢ ᠦᠷᠦᠰᠢᠶᠠ

ᠬᠠᠪᠣᠷ ᠤᠨ ᠳᠤᠮᠳᠠ ᠰᠠᠷ᠎ᠠ ᠶᠢᠨ ᠳᠡᠷᠭᠡᠯ ᠰᠠᠷᠠ ᠲᠡᠶ ᠦᠳᠡᠰᠢ

ᠬᠠᠢ᠌ᠷ᠎ᠠ ᠶᠢᠨ ᠰᠠᠷᠨᠠᠢ ᠪᠢᠳᠡᠭᠦᠯᠡᠵᠤ ᠬᠠᠷᠠᠮᠴᠢᠬᠠᠨ ᠴᠢᠮ᠎ᠠ ᠶᠢ ᠭᠦᠯᠢᠶᠡᠭ᠍ᠰᠡᠨ ᠶᠤᠮ

ᠭᠡᠯᠡ ᠭᠦᠷᠭᠡᠵᠤ ᠴᠢᠳᠠᠬᠤ ᠦᠭᠡᠶ ᠭᠡᠭᠡᠷ᠎ᠡ ᠣᠢ᠌ᠮᠤᠷᠠᠨ ᠠᠯᠬᠤᠬᠤ ᠳ᠋ᠭᠠᠨ

ᠬᠣᠢ᠌ᠳᠤ ᠣᠷᠤᠢ ᠶᠢᠨ ᠣᠪᠣᠭᠠᠨ ᠳᠡᠭᠡᠷ᠎ᠡ ᠬᠠᠳᠬᠤᠵᠤ ᠥᠯᠡᠳᠡᠭᠡᠭ᠍ᠰᠡᠨ

ᠨᠢᠭᠤᠵᠤ ᠳᠤᠷᠠᠯᠠᠭᠰᠠᠨ ᠰᠡᠳᠭᠢᠯ ᠢ ᠮᠢᠨᠢ ᠦᠷᠦᠰᠢᠶᠠ

ᠵᠤᠨ ᠤ ᠵᠢᠷᠭᠤᠭᠠᠨ ᠰᠠᠷ᠎ᠠ ᠶᠢᠨ ᠵᠦᠰᠠᠷ ᠪᠣᠷᠤᠭᠠᠨ ᠲᠡᠶ ᠦᠳᠡᠰᠢ

ᠵᠠᠯ᠎ᠠ ᠳᠡᠭᠡᠷ᠎ᠡ ᠴᠢᠨᠢ ᠣᠴᠢᠵᠤ ᠳᠤᠭᠤᠯ ᠢ ᠴᠢᠨᠢ ᠳᠠᠳᠠᠵᠤ ᠦᠭ‍ᠭᠦᠭ᠍ᠰᠡᠨ ᠶᠤᠮ

ᠪᠣᠯᠵᠤᠭ᠎ᠠ ᠳᠠᠯᠪᠢᠬᠤ ᠵᠤᠷᠢᠭ ᠦᠭᠡᠶ ᠪᠣᠴᠠᠵᠤ ᠮᠤᠷᠢᠨ ᠳᠠᠭᠠᠨ ᠮᠤᠷᠳᠠᠭᠠᠤᠨ

ᠪᠣᠯᠠᠭ ᠤᠨ ᠳᠤᠬᠤᠢ ᠲᠠᠭᠠᠨ ᠬᠠᠳᠠᠷᠢᠭᠤᠯᠵᠤ ᠬᠤᠯᠠᠳᠠᠭᠰᠠᠨ

ᠨᠢᠭᠤᠵᠤ ᠳᠤᠷᠠᠯᠠᠭᠰᠠᠨ ᠰᠡᠳᠭᠢᠯ ᠢ ᠮᠢᠨᠢ ᠦᠷᠦᠰᠢᠶᠠ

ᠨᠠᠮᠤᠷ ᠤᠨ ᠬᠠᠳᠤᠯᠠᠩ ᠤᠨ ᠮᠠᠢ᠌ᠬᠠᠨ ᠳᠡᠭᠡᠷ᠎ᠡ ᠳᠤᠭᠤᠭ᠎ᠠ ᠨᠠᠢ᠌ᠯᠠᠵᠤ ᠰᠠᠭᠤᠬᠤ ᠳ᠋ᠠᠭᠠᠨ

ᠨᠠᠩᠬᠤ ᠲᠡᠶ ᠰᠢᠷᠭᠠᠯ ᠴᠠᠢ ᠡᠴᠡ ᠴᠢᠨᠤ ᠦᠨᠦᠷ ᠢ ᠮᠡᠳᠡᠭ᠍ᠰᠡᠨ ᠶᠤᠮ

ᠬᠠᠳᠤᠯᠠᠩ ᠡᠴᠡ ᠣᠯᠤᠭᠰᠠᠨ ᠣᠯᠠᠭᠠᠨ᠎ᠠ ᠪᠠᠨ ᠠᠳᠬᠤᠨ ᠳᠤ ᠴᠢᠨᠢ ᠳᠠᠯᠪᠢᠵᠤ ᠴᠢᠳᠠᠬᠤ ᠥᠭᠡᠢ

ᠬᠠᠳᠠᠭᠠᠰᠤ ᠶᠢᠨ ᠡᠩᠭᠡᠷ ᠶᠢᠡᠨ ᠪᠣᠳᠤᠵᠤ ᠬᠠᠮᠠᠷ ᠶᠢᠡᠨ ᠨᠤᠬᠤᠯᠵᠤ ᠰᠠᠭᠤᠭᠰᠠᠨ

ᠨᠢᠭᠤᠵᠤ ᠳᠤᠷᠠᠯᠠᠭᠰᠠᠨ ᠰᠡᠳᠭᠢᠯ ᠢ ᠮᠢᠨᠢ ᠦᠷᠦᠰᠢᠶᠠ

ᠶ‍ᠢᠰᠤ ᠶᠢᠨ ᠰᠠᠯᠭᠢᠨ ᠳᠤ ᠬᠠᠴᠠᠷ ᠬᠠᠭᠠᠷᠢᠭᠤᠯᠵᠤ

ᠣᠯᠤᠮ ᠤᠨ ᠬᠠᠷᠠᠵᠠᠨ ᠳᠤ ᠰᠥᠷᠦᠭ᠌ ᠤᠨ ᠪᠠᠷ᠎ᠠ ᠲᠡᠶ ᠴᠢᠨᠢ ᠭᠦᠯᠢᠶᠡᠭ᠍ᠰᠡᠨ ᠶᠤᠮ

ᠣᠳᠠᠬᠤ ᠶᠢᠨ ᠠᠷᠭ᠎ᠠ ᠦᠭᠡᠶ ᠪᠣᠳᠤᠯ ᠳᠤ ᠭᠦᠳᠦᠯᠦᠭ᠍ᠳᠡᠨ

ᠡᠪᠦᠯᠵᠢᠶᠡᠨ ᠣᠷᠤᠭᠤ ᠴᠢᠨᠢ ᠰᠡᠳᠭᠢᠯ ᠭᠦᠶ‍ᠦᠯᠭᠡᠨ ᠭᠦᠯᠢᠶᠡᠭ᠍ᠰᠡᠨ

ᠨᠢᠭᠤᠵᠤ ᠳᠤᠷᠠᠯᠠᠭᠰᠠᠨ ᠰᠡᠳᠭᠢᠯ ᠢ ᠮᠢᠨᠢ ᠦᠷᠦᠰᠢᠶᠠ


ᠠᠮᠢᠳᠤᠷᠠᠬᠤᠢ


ᠠᠮᠠᠷᠠᠭ ᠬᠤᠶᠠᠷ ᠰᠠᠭᠤᠬᠤ ᠦᠭᠡᠶ ᠪᠣᠯ

ᠠᠮᠢᠳᠤᠷᠠᠯ ᠶᠠᠭᠤ ᠪᠠᠷ ᠳᠤᠭᠳᠠᠬᠤ ᠪᠣᠢ︖

ᠠᠪᠣ ᠡᠵᠢ ᠪᠠᠨ ᠰᠠᠨᠠᠬᠤ ᠦᠭᠡᠶ ᠪᠣᠯ

ᠠᠴᠢ ᠶᠠᠷᠢᠭᠠᠤᠨ ᠴᠤ ᠶᠠᠭᠠᠭᠢᠬᠤ ᠪᠣᠢ︖

ᠠᠭᠤᠯᠠ ᠣᠰᠤ ᠳᠡᠩᠴᠡᠭᠦ ᠦᠭᠡᠶ ᠪᠣᠯ

ᠪᠠᠢ᠌ᠭᠠᠯᠢ ᠶᠠᠭᠤ ᠪᠠᠷ ᠭᠤᠶᠤᠬᠤ ᠪᠣᠢ︖

ᠣᠨᠠᠭᠰᠠᠨ ᠨᠤᠳᠤᠭ ᠶᠢᠡᠨ ᠰᠠᠨᠠᠬᠤ ᠦᠭᠡᠶ ᠪᠣᠯ

ᠣᠪᠯᠠᠵᠤ ᠶᠠᠷᠢᠭᠠᠤᠨ ᠴᠤ ᠶᠠᠭᠠᠭᠢᠬᠤ ᠪᠣᠢ︖

ᠵᠡᠭᠦᠤ ᠣᠳᠠᠰᠤ ᠨᠡᠢ᠌ᠯᠡᠭᠦ ᠦᠭᠡᠶ ᠪᠣᠯ

ᠣᠢ᠌ᠯᠠ ᠶᠠᠭᠤ ᠪᠠᠷ ᠡᠭᠢᠯᠡᠭᠦ ᠪᠣᠢ︖

ᠵᠢᠷᠦᠭᠡᠨ ᠮᠤᠩᠭ᠋ᠤᠯ ᠶᠢᠡᠨ ᠰᠠᠨᠠᠬᠤ ᠦᠭᠡᠶ ᠪᠣᠯ

ᠵᠥᠭᠡᠷ ᠶᠠᠷᠢᠭᠠᠤᠨ ᠴᠤ ᠶᠠᠭᠠᠭᠢᠬᠤ ᠪᠣᠢ︖

ᠨᠠᠷᠠ ᠰᠠᠷᠠ ᠭᠠᠷᠬᠤ ᠦᠭᠡᠶ ᠪᠣᠯ

ᠬᠤᠷᠸ᠎ᠠ ᠶᠠᠭᠤ ᠪᠠᠷ ᠭᠡᠷᠡᠯᠳᠦᠭᠦ ᠪᠣᠢ︖

ᠨᠠᠷᠮᠠᠢ ᠮᠤᠩᠭ᠋ᠤᠯ ᠶᠢᠡᠨ ᠰᠠᠨᠠᠬᠤ ᠦᠭᠡᠢ ᠪᠣᠯ

ᠨᠠᠷ᠎ᠠ ᠶᠢ ᠨᠢ ᠵᠡᠭᠦᠭᠡᠳ ᠴᠤ ᠶᠠᠭᠠᠭᠢᠬᠤ ᠪᠣᠢ︖


《ᠭᠢᠯᠢᠴᠢᠳ》 ᠰᠡᠳᠭᠦᠯ 2008.4

ᠬᠠᠶ‍ᠢᠭ᠄ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ


ᠨᠠᠮᠵᠢᠯ ᠤᠨ ᠮᠥᠩᠭᠡᠪᠠᠶᠡᠷ᠂ ᠮᠤᠷᠢᠨ ᠵᠢᠯ ᠤᠨ ᠨᠠᠮᠤᠷ ᠤᠨ ᠳᠤᠮᠳᠠ ᠰᠠᠷ᠎ᠠ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠪᠠᠶᠠᠨ ᠦᠨᠳᠦᠷ ᠰᠤᠮᠤ (ᠣᠳᠤ ᠶᠢᠨ ᠬᠠᠠᠰᠦ᠋ᠮ᠎ᠡ ᠰᠤᠮᠤ)ᠵᠢᠨ ᠰᠢᠷᠠᠪᠣᠳᠤ ᠭᠠᠴᠠᠭ᠎ᠠ ᠶᠢᠨ ᠪᠣᠯᠠᠭ ᠤᠨ ᠠᠢ᠌ᠯ ᠤᠨ ᠺᠠᠳ᠋ᠷ ᠨᠠᠮᠵᠢᠯ᠂ ᠮᠠᠯᠴᠢᠨ ᠵᠤᠭᠰᠤᠭᠮ᠎ᠠ ᠶᠢᠨ ᠬᠤᠶᠠᠳᠤᠭᠠᠷ ᠭᠦᠪᠠᠭᠦᠨ ᠪᠣᠯᠵᠤ ᠵᠠᠶᠠᠭᠠᠵᠠᠢ᠃ 2002 ᠣᠨ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠡᠴᠡ ᠵᠢᠩᠭᠢᠨᠢ ᠠᠩᠭᠢ ᠪᠠᠨ ᠳᠡᠭᠦᠰᠭᠡᠭᠡᠳ ᠣᠳᠤ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶᠠᠨ ᠤ ᠪᠠᠢ᠌ᠭᠠᠯᠢ ᠰᠢᠡᠵᠢᠯᠡᠭᠡᠨ ᠤ ᠭᠡᠯᠳᠡᠰ ᠲᠤ ᠨᠠᠢ᠌ᠷᠠᠭᠤᠯᠤᠭᠴᠢ ᠶᠢᠨ ᠠᠯᠪᠠ ᠲᠡᠶ᠃ ᠳᠠᠷᠠ ᠪᠠᠷ ᠤᠷᠢᠳ ᠬᠤᠵᠢᠳ 《ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠰᠤᠨᠢᠨ》᠂ 《ᠪᠣᠭᠤᠳᠤ ᠶᠢᠨ ᠣᠴᠢ》᠂ 《ᠭᠢᠯᠢᠴᠢᠳ》᠂ 《ᠬᠤᠨ ᠬᠠᠯᠠᠭᠤ》 ᠵᠡᠷᠭᠡ ᠰᠤᠨᠢᠨ ᠰᠡᠳᠭᠦᠯ ᠤᠳ ᠶᠢᠡᠷ ᠰᠠᠢ᠌ᠬᠠᠨ ᠰᠠᠢ᠌ᠬᠠᠨ ᠰᠢᠯᠦᠭ᠌ ᠶᠢᠡᠨ ᠨᠠᠢ᠌ᠳᠠᠯᠠᠨ᠂ ᠢᠷᠠᠭᠤ ᠨᠠᠢ᠌ᠷᠠᠭ ᠤᠨ ᠵᠠᠮ ᠶᠢᠡᠷ 《ᠣᠩᠭ᠋ᠤᠳ》 ᠊ᠤᠨ ᠡᠷᠢᠯ ᠬᠠᠢ᠌ᠵᠤ ᠶᠠᠪᠣᠨ᠎ᠠ᠃

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3952
ᠴᠠᠭ᠄ 2009 ᠤᠨ ᠤ 02 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ