ᠨᠡᠪᠲᠡᠷᠡᠨ ᠤᠷᠤᠬᠤ
ᠥᠨᠦᠴᠢᠨ ᠭᠦᠪᠠᠭᠦᠨ
ᠬᠠᠯᠢᠮᠠᠭ ᠥᠯᠢᠭᠡᠷ

ᠭᠡᠵᠢᠶᠡᠨ ᠤ ᠪᠠᠢ᠌ᠵᠠᠢ᠂ ᠨᠢᠭᠡ ᠦᠨᠦᠴᠢᠨ ᠭᠦᠪᠠᠭᠦᠨ ᠨᠤᠶᠠᠨ ᠤ ᠴᠠᠬᠠᠷ ᠲᠤ ᠶᠠᠭᠤ ᠵᠠᠷᠤᠭᠰᠠᠨ ᠳ᠋ᠤᠨᠢ ᠶᠠᠪᠣᠭᠠᠤᠨ ᠪᠠᠢ᠌ᠭᠰᠠᠨ ᠢ ᠨᠤᠶᠠᠨ ᠥᠵᠡᠭᠡᠳ ᠭᠦᠪᠠᠭᠦᠤ ᠶᠢ ᠳᠠᠭᠠᠰᠠᠭᠠᠭᠠᠤᠨ ᠭᠦᠪᠠᠭᠦᠨ ᠳᠤ ᠪᠠᠭᠯᠠᠭ᠎ᠠ ᠲᠦᠯᠭᠢᠭᠦᠷ ᠦᠭ‍ᠭᠦᠭᠡᠳ᠄ 《ᠡᠨᠡ ᠭᠡᠷ ( ᠊ᠢ) ᠪᠢᠳᠦᠭᠡᠢ ᠳᠠᠢ᠌ᠯ᠃ ᠨᠠᠭᠠᠳᠤᠭᠢᠰ ᠢ ᠨᠢ ᠴᠤᠭᠳᠠᠢ ᠶᠢ ᠨᠢ ᠳᠠᠢ᠌ᠯᠤᠭᠠᠤᠨ᠂ ᠳᠤᠳᠤᠷ᠎ᠠ ᠨᠢ ᠶᠠᠭᠤᠮ᠎ᠠ ᠭᠦᠮᠤ ᠶᠢ ᠨᠢ ᠳᠢᠭ᠍ᠯᠨ》 ᠭᠡᠵᠤ ᠭᠡᠯᠡᠭᠡᠳ ᠶᠠᠪᠣᠵᠤ ᠣᠤᠠᠪᠠ᠃ ᠭᠦᠪᠠᠭᠦᠨ ᠭᠡᠰᠡᠭ᠌ ᠭᠡᠷ ᠤᠨ ᠡᠭᠦᠳᠡ ᠳᠠᠢ᠌ᠯᠤᠭᠠᠤᠨ ᠳᠤᠳᠤᠷ᠎ᠠ ᠨᠢ ᠶᠠᠭᠤᠮ᠎ᠠ ᠭᠦᠮᠤ ᠶᠢ ᠨᠢ ᠳᠢᠭᠯᠡᠭᠡᠳ ᠶᠠᠪᠣᠵᠤ ᠶᠠᠪᠣᠭᠠᠤᠨ᠄ 《ᠨᠤᠶᠠᠨ ᠡᠨᠡ ᠭᠡᠷ ᠤᠨ ᠡᠭᠦᠳᠡ ᠪᠢᠳᠡᠭᠡᠢ ᠳᠠᠢ᠌ᠯ ᠭᠡᠯ᠎ᠡ᠂ ᠳᠤᠳᠤᠷ᠎ᠠ ᠨᠢ ᠶᠠᠭᠤᠨ ᠪᠠᠢ᠌ᠳᠠᠭ ᠪᠣᠢ ᠭᠡᠯ᠎ᠡ ᠴᠢ︖》 ᠭᠡᠳ ᠡᠭᠦᠳᠡ ᠳᠠᠢ᠌ᠯᠤᠭᠠᠤᠨ ᠣᠷᠭᠢᠨ᠎ᠠ᠃ ᠳᠤᠳᠤᠷ᠎ᠠ ᠨᠢ ᠪᠠᠭᠠᠳᠤᠷ ᠴᠡᠷᠢᠭ᠌ ᠨᠢ ᠠᠷᠠᠵᠠ ᠬᠤᠤᠷᠠᠵᠠ ᠶᠢᠨ ᠰᠠᠭᠤᠷᠢ ᠪᠣᠯᠵᠤ ᠪᠠᠢ᠌ᠵᠠᠢ᠃ ᠥᠭᠦᠰ ᠭᠡᠳ ᠡᠭᠦᠳᠡ ᠪᠠᠨ ᠬᠠᠭᠠᠭᠠᠤᠨ ᠣᠨᠢᠰᠤᠯᠠᠴᠢᠬᠠᠨ᠎ᠠ᠃ ᠨᠤᠶᠠᠨ ᠢᠷᠡᠭᠡᠳ ᠮᠡᠳᠡᠭᠡᠳ ᠭᠦᠪᠠᠭᠦᠤ ᠶᠢ ᠠᠭᠤᠷᠯᠠᠭᠠᠤᠨ᠂ ᠪᠢᠳᠦᠭᠡᠢ ᠳᠠᠢ᠌ᠯ ᠭᠡᠰᠡᠨ ᠡᠭᠦᠳᠡ ᠳᠠᠢ᠌ᠯᠳᠠᠭ ᠭᠡᠳ ᠭᠦᠪᠠᠭᠦᠤ ᠶᠢ ᠭᠦᠭᠡᠭᠡᠴᠢᠭᠡᠨ᠎ᠡ᠃

ᠭᠦᠪᠠᠭᠦᠨ ᠭᠡᠰᠡᠭ᠌ ᠶᠠᠪᠣᠴᠢᠬᠠᠭᠰᠠᠨ ᠴᠠᠭ ᠲᠤ ᠨᠤᠶᠠᠨ ᠨᠡᠭᠡᠪᠦᠷᠢ ᠳᠠᠯᠪᠢᠭᠠᠤᠨ ᠭᠦᠪᠠᠭᠦᠤ ᠶᠢ ᠬᠠᠷᠢᠭᠤ ᠬᠠᠷᠢᠭᠤᠯᠤᠭᠠᠤᠨ ᠠᠪᠴᠤ ᠢᠷᠠᠨ᠎ᠡ᠃ ᠨᠤᠶᠠᠨ ᠭᠦᠪᠠᠭᠦᠨ ᠳᠤ ᠨᠢᠭᠡ ᠮᠦᠩᠭᠦᠨ ᠤ ᠭᠡᠳᠡᠴᠢ ᠦᠭ‍ᠪᠡ᠃ 《ᠣᠳᠤ ᠪᠢ ᠴᠢᠮ᠎ᠠ ᠳᠤ ᠶᠠᠭᠤ ᠭᠡᠭᠦ ᠪᠣᠢ᠂ ᠢᠩᠭᠢᠵᠤ ᠭᠠᠷᠤᠭᠠᠤᠨ ᠭᠡᠳᠡᠪᠴᠢ ᠪᠠᠨ ᠰᠠᠵᠢᠭᠠᠤᠨ ᠣᠷᠭᠢ》 ᠭᠡᠪᠡ᠃ ᠭᠦᠪᠠᠭᠦᠨ ᠭᠠᠷᠤᠭᠠᠤᠨ ᠭᠡᠳᠡᠪᠴᠢ ᠪᠠᠨ ᠠᠪᠣᠭᠠᠤᠨ ᠰᠠᠵᠢᠭᠠᠤᠨ ᠣᠷᠭᠢᠪᠠ᠃ ᠳ᠋ᠠᠯᠠᠢ᠌ᠠᠤᠨ ᠯᠠ (ᠳᠠᠯᠠᠢ ᠯᠠ) ᠠᠯᠳᠠᠨ ᠮᠦᠩᠭᠦᠨ ᠠᠰᠬᠠᠷᠠᠵᠤ ᠣᠤᠠᠪᠠ᠃ ᠭᠦᠪᠠᠭᠦᠨ ᠬᠤᠷᠢᠶᠠᠭᠠᠤᠨ ᠠᠪᠴᠢᠬᠠᠭᠠᠤᠨ ᠶᠡᠭᠡ ᠪᠠᠢ᠌ᠷᠢᠳᠠᠢ ᠵᠦᠪ ᠶᠢᠡᠷ (ᠵᠥᠭᠡᠷ) ᠬᠤᠯᠠ ᠳᠤ ᠭᠠᠷᠤᠭᠠᠤᠨ ᠣᠤᠠᠪᠠ᠃ ᠨᠤᠶᠠᠨ ᠳᠠᠭᠢᠭᠠᠤᠨ ᠭᠦᠪᠠᠭᠦᠤ ᠶᠢ ᠨᠡᠭᠡᠭᠦᠯᠦᠭᠡᠳ ᠠᠪᠬᠠᠬᠤᠯᠤᠭᠠᠤᠨ ᠨᠢᠭᠡ ᠢᠯᠳᠤ ᠥᠭ᠍ᠪᠡ᠃ 《ᠨᠠᠢ (ᠵᠠ)︕ ᠣᠳᠤ ᠴᠢᠮ᠎ᠠ ᠳᠤ ᠶᠠᠭᠤ ᠭᠡᠭᠦ ᠪᠣᠢ︕ ᠢᠩᠭᠢᠵᠤ ᠭᠠᠷᠤᠭᠠᠤᠨ ᠨᠢᠭᠡ ᠪᠠᠭ ᠮᠤᠳᠤᠨ ᠣᠷᠤᠭᠤ ᠳᠠᠶᠠᠯᠠᠭᠠᠤᠨ ᠣᠷᠭᠢ》 ᠭᠡᠪᠡ᠃ ᠭᠦᠪᠠᠭᠦᠨ ᠭᠡᠰᠡᠭ᠌ ᠶᠠᠪᠣᠴᠢᠬᠠᠭᠠᠤᠨ ᠨᠢᠭᠡ ᠪᠠᠭ ᠶᠢᠡᠷ ᠣᠷᠭᠤᠭᠰᠠᠨ ᠢᠪᠭᠢ ᠴᠢᠪᠭᠢ ᠮᠤᠳᠤᠨ ᠣᠷᠤᠭᠤ ᠳᠠᠶᠠᠯᠠᠭᠠᠤᠨ ᠣᠷᠭᠢᠪᠠ᠃ ᠮᠤᠳᠤᠨ ᠴᠤᠭᠭᠠᠷ ᠳᠠᠢ᠌ᠷᠢᠭᠳᠠᠭᠠᠤᠨ ᠣᠨᠠᠵᠤ ᠣᠤᠠᠪᠠ᠃ ᠳᠠᠭᠢᠭᠠᠤᠨ ᠭᠡᠰᠡᠭ᠌ ᠶᠠᠪᠣᠴᠢᠬᠠᠭᠰᠠᠨ ᠴᠠᠭ ᠲᠤ ᠭᠦᠪᠠᠭᠦᠤ ᠶᠢ ᠨᠡᠭᠡᠭᠦᠯᠦᠭᠡᠳ ᠠᠪᠬᠠᠭᠤᠯᠤᠭᠠᠤᠨ ᠨᠢᠭᠡ ᠮᠤᠷᠢ ᠥᠭ᠍ᠪᠡ᠃ ᠭᠦᠪᠠᠭᠦᠨ ᠮᠤᠷᠢ ᠪᠠᠨ ᠣᠨᠤᠵᠤ ᠠᠪᠣᠭᠠᠤᠨ ᠭᠡᠰᠡᠭ᠌ ᠡᠳᠦᠷ ᠭᠦᠶ‍ᠦᠯᠭᠡᠭᠡᠳ ᠣᠷᠭᠢᠪᠠ᠃ ᠮᠤᠳᠤᠨ ( ᠊ᠤ) ᠵᠠᠭᠠᠭ ᠲᠤ ᠨᠢᠭᠡ ᠭᠡᠷ ᠪᠠᠢ᠌ᠨ᠎ᠠ᠃ ᠭᠡᠷ ᠲᠤ ᠣᠷᠤᠵᠤ ᠢᠷᠡᠭᠦᠯ᠎ᠡ ᠡᠮᠡᠭᠡᠨ ᠡᠪᠦᠭᠡᠨ ᠬᠤᠶᠠᠷ᠂ ᠨᠢᠭᠡ ᠰᠠᠢ᠌ᠬᠠᠨ ᠴᠤ ᠭᠡᠦᠭᠡᠨ ᠪᠠᠢ᠌ᠨ᠎ᠠ᠃ ᠡᠮᠡᠭᠡᠨ ᠡᠪᠦᠭᠡᠨ ᠬᠤᠶᠠᠷ ᠭᠦᠪᠠᠭᠦᠨ ᠳᠤ ᠬᠤᠳᠠ ᠊᠊᠊᠊᠊᠊᠊᠊᠊᠊᠊᠊᠊᠊᠊ ᠬᠤᠭᠤᠯᠠ ᠶᠢ ᠨᠢ ᠦᠭ‍ᠭᠦᠭᠡᠳ ᠭᠦᠪᠠᠭᠦᠤ ᠶᠢ ᠠᠮᠠᠷᠠᠭᠠᠭᠠᠤᠨ ᠭᠡᠷ ᠲᠡᠭᠡᠨ ᠪᠠᠢ᠌ᠯᠭᠠᠭᠠᠤᠨ ᠪᠠᠢ᠌ᠪᠠ᠃ ᠭᠦᠪᠠᠭᠦᠨ ᠭᠡᠦᠭᠡᠨ ᠲᠡᠶ ᠳᠠᠨᠢᠯᠳᠤᠭᠠᠤᠨ ᠭᠡᠦᠭᠡ ᠶᠢ ᠠᠪᠣᠭᠠᠤᠨ ᠬᠤᠷᠢᠮ ᠶᠢᠡᠨ ᠭᠢᠭᠡᠳ ᠪᠠᠢ᠌ᠪᠠ᠃ ᠭᠦᠪᠠᠭᠦᠨ ᠨᠢᠭᠡ ᠶᠡᠭᠡ ᠭᠤᠤᠯ ᠤᠨ ᠭᠦᠪᠠᠭᠡ ᠳᠤ ᠨᠢᠭᠡ ᠰᠠᠢ᠌ᠬᠠᠨ ᠭᠡᠷ ᠪᠠᠷᠢᠵᠤ ᠠᠪᠣᠭᠠᠤᠨ ᠠᠮᠤᠷᠠᠭᠠᠤᠨ ᠵᠢᠷᠭᠠᠭᠠᠤᠨ ᠪᠠᠢ᠌ᠵᠠᠭᠠᠨ᠎ᠠ᠃

ᠨᠢᠭᠡ ᠳᠠᠭᠢᠵᠤ ᠬᠠᠨ ᠠᠩᠭ᠋ᠤᠴᠢᠯᠠᠵᠤ (ᠠᠩᠴᠢᠯᠠᠵᠤ) ᠶᠠᠪᠣᠭᠠᠤᠨ ᠭᠦᠪᠠᠭᠦᠨ ᠤ ᠭᠡᠷᠭᠡᠢ ᠶᠢ ᠨᠢ ᠥᠵᠡᠴᠢᠭᠡᠭᠡᠳ ᠳᠠᠪᠤᠨ ᠣᠬᠠᠭᠠᠨ ᠨᠢ ᠳᠠᠷᠠᠵᠤ ᠴᠡᠷᠢᠭ᠌ ᠮᠤᠷᠳᠠᠭᠠᠤᠨ ᠭᠦᠪᠠᠭᠦᠨ ᠡᠴᠠ ᠭᠡᠷᠭᠡᠢ ᠶᠢ ᠨᠢ ᠪᠣᠯᠢᠶᠠᠵᠤ ᠠᠪᠬᠤ ᠪᠠᠷ ᠠᠭᠠᠰᠢᠨ᠎ᠠ (ᠠᠢ᠌ᠰᠤᠢ)᠃ ᠭᠦᠪᠠᠭᠦᠨ ᠥᠵᠡᠴᠢᠭᠡᠭᠡᠳ ᠢᠯᠳᠤ ᠪᠠᠨ ᠠᠪᠣᠭᠠᠤᠨ ᠳᠤᠰᠤᠭᠠᠤᠨ ᠭᠠᠷᠴᠤ ᠢᠷᠡᠭᠡᠳ ᠬᠤᠶᠠᠷ ᠭᠤᠷᠪᠠ ᠢᠯᠳᠤ ᠪᠠᠷ ᠳᠠᠶᠠᠯᠠᠭᠠᠤᠨ ᠬᠤᠷᠣᠢ᠌ᠯᠠᠭᠠᠤᠨ ᠣᠷᠭᠢᠬᠤᠯ᠎ᠠ ᠬᠠᠭᠠᠨ ᠤ ᠴᠡᠷᠢᠭ᠌ ᠴᠤᠭᠭᠠᠷ ᠴᠠᠪᠴᠢᠭᠳᠠᠭᠠᠤᠨ ᠴᠢᠯᠠᠵᠤ ᠣᠳᠤᠨ᠎ᠠ᠃

ᠬᠠᠨ ᠭᠠᠭᠴᠠᠭᠠᠷ ᠶᠢᠡᠨ ᠬᠠᠷᠢᠵᠤ ᠣᠤᠠᠪᠠ᠃ ᠬᠠᠨ ᠢᠩᠭᠢᠵᠤ ᠴᠢᠩᠭᠢᠵᠤ ᠪᠠᠢ᠌ᠵᠤ ᠪᠠᠢ᠌ᠭᠠᠤᠨ ᠳᠠᠭᠢᠭᠠᠤᠨ ᠳᠠᠯᠠᠢ ᠣᠯᠠᠨ ᠴᠡᠷᠢᠭ᠌ ᠳᠠᠭᠠᠭᠤᠯᠤᠭᠠᠤᠨ ᠠᠭᠠᠰᠢᠨ᠎ᠠ᠃ ᠭᠦᠪᠠᠭᠦᠨ ᠢᠯᠳᠤ ᠪᠠᠨ ᠠᠪᠣᠭᠠᠤᠨ ᠳᠤᠰᠴᠤ ᠭᠠᠷᠴᠤ ᠢᠷᠡᠭᠡᠳ ᠬᠤᠶᠠᠷ ᠭᠤᠷᠪᠠ ᠳᠠᠶᠠᠯᠠᠭᠠᠤᠨ ᠬᠤᠷᠣᠢ᠌ᠯᠠᠭᠠᠤᠨ ᠣᠷᠭᠢᠨ᠎ᠠ᠃ ᠬᠠᠭᠠᠨ ᠤ ᠴᠡᠷᠢᠭ᠌ ᠨᠡᠭᠦᠷᠡᠰᠤᠨ ᠪᠣᠯᠤᠭᠠᠤᠨ ᠭᠦᠯᠪᠢᠷᠡᠵᠤ ᠣᠳᠤᠨ᠎ᠠ᠃

ᠬᠠᠨ ᠳᠠᠭ ᠴᠢᠭ ᠬᠠᠷᠢᠵᠤ ᠣᠤᠠᠪᠠ᠃ ᠳᠠᠭᠢᠭᠠᠤᠨ ᠢᠩᠭᠢᠵᠤ ᠳᠡᠭᠡᠵᠤ ᠪᠠᠢ᠌ᠭᠠᠤᠨ ᠭᠦᠪᠠᠭᠦᠨ ᠭᠡᠷ ᠲᠡᠭᠡᠨ ᠦᠭᠡᠶ ᠴᠠᠭ ᠲᠤ ᠬᠠᠨ ᠵᠢᠪᠦᠭᠡᠳ ᠭᠦᠷᠴᠤ ᠢᠷᠠᠪᠠ᠃ ᠭᠦᠪᠠᠭᠦᠨ ᠤ ᠭᠡᠷᠭᠡᠢ ᠳᠤ ᠭᠡᠯᠡᠨ᠎ᠡ᠄ 《ᠴᠢ ᠶᠠᠭᠤᠨ ᠭᠦᠶ‍ᠦᠵᠤ ᠶᠠᠪᠣᠭᠰᠠᠨ ᠨᠢᠴᠦᠭᠦᠨ ᠦᠨᠦᠴᠢᠨ ᠭᠦᠪᠠᠭᠦᠤ ᠲᠡᠶ ᠪᠠᠢ᠌ᠭᠠᠤᠨ ᠪᠠᠢ᠌ᠨ᠎ᠠ ᠴᠢ᠃ ᠨᠠᠳᠠᠳᠤ ᠢᠷ᠎ᠠ᠂ ᠣᠷᠤ ᠡᠵᠡᠯᠡᠳᠡᠭ᠌ ᠬᠠᠭᠠᠨ ᠤ ᠬᠠᠳᠤᠨ ᠪᠣᠯᠬᠤ ᠴᠢ︕》 ᠭᠡᠨ᠎ᠡ᠃ ᠭᠦᠪᠠᠭᠦᠨ ᠤ ᠭᠡᠷᠭᠡᠨ (ᠭᠡᠷᠭᠡᠢ) ᠵᠦᠪ ᠭᠡᠵᠤ ᠪᠠᠢ᠌ᠨ᠎ᠠ᠃ 《ᠡᠨᠡ ᠢᠯᠳᠤ ᠪᠠᠷ ᠳᠠᠨ ᠤ ᠴᠡᠷᠢᠭ᠌ ᠢ ᠴᠠᠪᠴᠢᠭᠠᠤᠨ ᠳᠠᠷᠠᠭᠠᠭᠠᠤᠨ ᠪᠠᠢ᠌ᠨ᠎ᠠ》 ᠭᠡᠳ ᠭᠦᠪᠠᠭᠦᠨ ᠤ ᠢᠯᠳᠤ ᠥᠵᠡᠭᠦᠯᠪᠡ᠃ ᠬᠠᠨ ᠬᠠᠷᠢᠭᠠᠤᠨ ᠭᠦᠪᠠᠭᠦᠨ ᠤ ᠢᠯᠳᠤ ᠯᠦᠭᠡ ᠠᠳᠠᠯᠢ ᠢᠯᠳᠤ ᠠᠪᠴᠤ ᠢᠷᠡᠭᠡᠳ ᠰᠤᠯᠢᠭᠠᠤᠨ ᠣᠷᠭᠢᠪᠠ᠃ ᠭᠦᠪᠠᠭᠦᠨ ᠭᠠᠷ ᠲᠡᠭᠠᠨ ᠪᠠᠢ᠌ᠭᠰᠠᠨ ᠴᠠᠭ ᠲᠤ ᠬᠠᠨ ᠴᠡᠷᠢᠭ᠌ ᠮᠤᠷᠳᠠᠭᠠᠤᠨ ᠠᠭᠠᠰᠢᠨ᠎ᠠ᠃ ᠭᠦᠪᠠᠭᠦᠨ ᠡᠮᠦᠨᠡᠭᠢ ᠭᠡᠪ ᠲᠡᠭᠡᠨ ᠰᠠᠨᠠᠭ᠎ᠠ ᠠᠮᠤᠷ ᠶᠢᠡᠷ ᠢᠯᠳᠤ ᠪᠠᠨ ᠠᠪᠣᠭᠠᠤᠨ ᠭᠠᠷᠤᠭᠠᠤᠨ ᠬᠤᠶᠠᠷ ᠭᠤᠷᠪᠠ ᠬᠤᠷᠣᠢ᠌ᠯᠠᠭᠠᠤᠨ ᠳᠠᠶᠠᠯᠠᠨ᠎ᠠ᠃ ᠬᠠᠭᠠᠨ ᠤ ᠴᠡᠷᠢᠭ᠌ ᠴᠠᠪᠴᠢᠭᠳᠠᠵᠤ ᠳᠠᠢ᠌ᠷᠤᠭᠳᠠᠵᠤ ᠪᠠᠢ᠌ᠬᠤ ᠶᠠᠭᠤᠮᠠᠨ ᠦᠭᠡᠶ᠃ ᠭᠦᠪᠠᠭᠦᠨ ᠢᠯᠳᠤ ᠪᠠᠨ ᠰᠢᠪᠴᠢᠬᠠᠭᠠᠤᠨ (ᠴᠢᠯᠠᠭᠤᠳᠠᠴᠢᠬᠠᠭᠠᠤᠨ) ᠪᠣᠯᠳᠠᠭᠠᠤᠨ ᠪᠣᠷᠭᠠᠰᠤᠨ ᠮᠤᠳᠤᠨ ᠵᠠᠭᠠᠭ ᠣᠷᠤᠭᠤ ᠵᠤᠯᠠᠵᠤ (ᠳᠤᠳᠠᠭᠠᠵᠤ) ᠣᠤᠠᠪᠠ᠃

ᠭᠦᠪᠠᠭᠦᠨ ᠤ ᠭᠡᠷᠭᠡᠢ ᠶᠢ ᠨᠢ ᠬᠠᠨ ᠠᠪᠣᠭᠠᠤᠨ ᠬᠠᠷᠢᠵᠤ ᠣᠤᠠᠪᠠ᠃ ᠬᠠᠳᠤᠨ ᠵᠠᠯᠠᠭᠠᠤᠨ ᠠᠪᠴᠢᠬᠠᠪᠠ᠃ ᠭᠦᠪᠠᠭᠦᠨ ᠳᠠᠷᠠ ᠭᠡᠪ ᠲᠡᠭᠡᠨ ᠭᠦᠶ‍ᠦᠭᠡᠳ ᠶᠠᠪᠣᠵᠤ ᠢᠯᠳᠤ ᠮᠦᠩᠭᠦᠨ ᠤ ᠭᠡᠳᠡᠴᠢ ᠦᠭ‍ᠭᠦᠭ᠍ᠰᠡᠨ ᠨᠤᠶᠠᠨ ᠳᠠᠭᠠᠨ ᠭᠦᠷᠴᠤ ᠢᠷᠠᠪᠠ᠃ ᠨᠤᠶᠠᠨ ᠭᠡᠯᠡᠪᠡ᠄ 《ᠣᠳᠤ ᠪᠢ ᠴᠢᠮ᠎ᠠ ᠳᠤ ᠶᠠᠭᠤ ᠭᠡᠭᠦ ᠪᠣᠢ︖》 ᠭᠡᠳ ᠭᠦᠪᠠᠭᠦᠨ ᠳᠤ ᠭᠤᠷᠪᠠᠨ ᠬᠠᠮᠠᠳᠠᠭᠠᠰᠤ (ᠨᠠᠪᠴᠢ) ᠥᠭ᠍ᠪᠡ᠃ 《ᠨᠢᠭᠡ ᠶᠢ ᠨᠢ ᠢᠩᠭᠢᠵᠤ ᠭᠠᠷᠤᠭᠠᠤᠨ ᠢᠳᠠ᠂ ᠨᠢᠭᠡ ᠶᠢ ᠨᠢ ᠭᠠᠵᠠᠷ ᠤᠨ ᠦᠷᠦᠭᠡᠯ (ᠬᠠᠭᠠᠰ) ᠳ᠋ᠤ ᠭᠦᠷᠦᠭᠡᠳ ᠢᠳᠠ᠂ ᠨᠢᠭᠡ ᠶᠢ ᠨᠢ ᠡᠮᠡᠭᠡᠨ ᠡᠪᠦᠭᠡᠨ ᠬᠤᠶᠠᠷ ᠤᠨ ᠤᠢ᠌ᠷ᠎ᠡ ᠣᠳᠤᠭᠠᠤᠨ ᠢᠳᠠ》 ᠭᠡᠪᠡ᠃

ᠭᠦᠪᠠᠭᠦᠨ ᠬᠠᠷᠢᠭᠤ ᠭᠦᠶ‍ᠦᠭᠡᠳ ᠭᠠᠷᠪᠠ᠃ ᠨᠢᠭᠡ ᠬᠠᠮᠠᠳᠠᠭᠠᠰᠤ ᠪᠠᠨ ᠢᠩᠭᠢᠵᠤ ᠭᠠᠷᠤᠭᠠᠤᠨ ᠢᠳᠠᠪᠠ᠂ ᠨᠢᠭᠡ ᠬᠠᠮᠠᠳᠠᠭᠠᠰᠤ ᠪᠠᠨ ᠭᠠᠵᠠᠷ ᠤᠨ ᠦᠷᠦᠭᠡᠯ (ᠬᠠᠭᠠᠰ) ᠳ᠋ᠤ ᠭᠦᠷᠦᠭᠡᠳ ᠢᠳᠠᠪᠠ᠂ ᠨᠢᠭᠡ ᠬᠠᠮᠠᠳᠠᠭᠠᠰᠤ ᠪᠠᠨ ᠡᠮᠡᠭᠡᠨ ᠡᠪᠦᠭᠡᠨ ᠬᠤᠶᠠᠷ ᠲᠤ ᠭᠦᠷᠦᠭᠡᠳ ᠢᠳᠠᠪᠠ᠃ ᠰᠠᠢ᠌ᠬᠠᠨ ᠴᠤ ᠮᠤᠷᠢᠨ ᠪᠣᠯᠤᠭᠠᠤᠨ ᠡᠪᠦᠭᠡᠨ ᠳᠤ ᠭᠡᠯᠡᠪᠡ ᠄ 《ᠨᠠᠮ᠎ᠠ ᠶᠢ ᠬᠠᠭᠠᠨ ᠳᠤ ᠠᠪᠴᠤ ᠣᠳᠤᠭᠠᠤᠨ ᠬᠤᠳᠠᠯᠳᠤᠴᠢᠬᠠᠭᠳᠤᠨ》᠃

ᠡᠪᠦᠭᠡᠨ ᠭᠦᠳᠦᠯᠦᠭᠡᠳ ᠠᠪᠴᠤ ᠣᠳᠤᠭᠠᠤᠨ ᠬᠠᠭᠠᠨ ᠳᠤ ᠬᠤᠳᠠᠯᠳᠤᠴᠢᠬᠠᠪᠠ᠃ ᠬᠠᠨ ᠰᠠᠢ᠌ᠬᠠᠨ ᠮᠤᠷᠢᠨ ᠭᠡᠳ ᠳᠠᠩᠰᠤᠭᠯᠠᠭᠠᠤᠨ ᠪᠠᠢ᠌ᠨ᠎ᠠ᠃ ᠭᠡᠨᠤᠨᠭᠡᠨ ᠬᠠᠭᠠᠨ ᠤ ᠬᠠᠳᠤᠨ ᠨᠥᠭ᠌ ᠰᠥᠭ᠌ ᠦᠭᠡᠶ ᠭᠡᠮ ᠢᠷᠡᠭᠡᠳ ᠭᠡᠢ᠌ᠰᠪᠡ᠃ ᠬᠠᠨ ᠬᠠᠳᠤᠨ ᠡᠴᠠ ᠪᠠᠨ ᠰᠤᠷᠠᠵᠤ ᠪᠠᠢ᠌ᠨ᠎ᠠ᠄

᠊᠊᠊᠊᠊᠊᠊᠊᠊᠊᠊᠊᠊᠊᠊ ᠶᠠᠭᠤᠨ ᠪᠣᠯᠵᠤ ᠣᠤᠠᠪᠠ︖

ᠬᠠᠳᠤᠨ ᠭᠡᠯᠡᠵᠤ ᠪᠠᠢ᠌ᠨ᠎ᠠ᠄

᠊᠊᠊᠊᠊᠊᠊᠊᠊᠊᠊᠊᠊᠊᠊ ᠡᠨᠡ ᠮᠤᠷᠢᠨ ᠨᠠᠳᠠᠳᠤ ᠳᠤᠤᠠᠬᠠᠷ ᠪᠣᠯᠵᠤ ᠪᠠᠢ᠌ᠨ᠎ᠠ᠃ ᠡᠨᠡ ᠮᠤᠷᠢ ᠠᠯᠠᠵᠤ ᠮᠢᠬ᠎ᠠ ᠶᠢ ᠨᠢ ᠬᠤᠷᠠᠯ ᠳᠤ ᠪᠠᠷᠢᠭᠳᠤᠨ︕ ᠳᠡᠭᠡᠭᠡᠳ ᠪᠢ ᠡᠳᠡᠭᠡᠭᠦ ᠪᠢ᠃

ᠬᠠᠨ ᠳᠠᠷᠠ ᠭᠡᠪ ᠲᠡᠭᠡᠨ ᠮᠤᠷᠢᠴᠢ ᠳᠡᠭᠡᠨ᠄

᠊᠊᠊᠊᠊᠊᠊᠊᠊᠊᠊᠊᠊᠊᠊ ᠡᠨᠡ ᠮᠤᠷᠢ ᠶᠢ ᠠᠯᠠᠭᠠᠤᠨ ᠮᠢᠬ᠎ᠠ ᠪᠠᠷ ᠵᠠᠮᠠᠠᠴᠢ︖ ᠶᠢᠨ ᠬᠠᠢ᠌ᠰᠤ (ᠳᠤᠭᠤᠭ᠎ᠠ) ᠳᠦᠭᠦᠷᠭᠦᠭ᠍ᠳᠤᠨ︕ ᠭᠡᠵᠤ ᠵᠠᠷᠯᠢᠭ ᠪᠣᠯᠪᠠ᠃

ᠮᠤᠷᠢᠴᠢ ᠮᠤᠷᠢ ᠶᠢ ᠭᠦᠳᠦᠯᠦᠭᠡᠳ ᠠᠪᠣᠭᠠᠤᠨ ᠭᠠᠷᠪᠠ᠃ 《ᠡᠨᠡ ᠮᠠᠨ ᠤ ᠬᠠᠨ ᠶᠠᠭᠠᠭᠢᠵᠤ ᠪᠠᠢ᠌ᠬᠤ ᠶᠤᠮ ᠪᠣᠢ᠃ ᠡᠢ᠌ᠮᠤ ᠰᠠᠢ᠌ᠬᠠᠨ ᠮᠤᠷᠢ ᠪᠠᠨ ᠠᠯᠠᠭᠤᠯᠤᠭᠠᠤᠨ︖》 ᠭᠡᠳ ᠮᠤᠷᠢᠨ ᠤ ᠳᠠᠯᠤ ᠢᠯᠢᠭᠡᠳ ᠵᠤᠭᠰᠤᠵᠤ ᠪᠠᠢ᠌ᠨ᠎ᠠ᠃ ᠮᠤᠷᠢᠨ ᠭᠡᠯᠡᠵᠤ ᠪᠠᠢ᠌ᠨ᠎ᠠ᠄ 《ᠨᠠᠢ︕ ᠨᠠᠮ᠎ᠠ ᠶᠢ ᠠᠯᠠ᠂ ᠪᠢ ᠭᠦᠡᠳᠡᠷᠡᠭᠦᠰᠢ (ᠭᠦᠳᠡᠯᠭᠦ ᠥᠭᠡᠢ) ᠪᠢ᠂ ᠮᠢᠨᠤ ᠨᠢᠭᠡ ᠰᠤᠶᠤᠭ᠎ᠠ ᠭᠦᠯ ᠤᠨ ᠴᠢᠨᠢ ᠤᠢ᠌ᠷ᠎ᠡ ᠣᠤᠠᠴᠤ ᠳᠤᠰᠤᠨ᠎ᠠ ᠳᠤᠰᠬᠤ᠂ ᠳᠠᠷᠠ ᠰᠤᠶᠤᠭ᠎ᠠ ᠶᠢ ᠬᠠᠭᠠᠨ ᠤ ᠦᠷᠦᠭᠡ ᠶᠢᠨ ᠡᠮᠤᠨ᠎ᠡ ᠭᠠᠵᠠᠷ ᠮᠠᠯᠳᠠᠭᠠᠤᠨ ᠳᠠᠷᠢᠴᠢᠬ᠎ᠠ》᠃ ᠮᠤᠷᠢᠴᠢ ᠮᠤᠷᠢ ᠶᠢ ᠠᠯᠠᠭᠠᠤᠨ ᠣᠷᠭᠢᠨ᠎ᠠ᠃ ᠮᠤᠷᠢᠴᠢ ᠶᠢᠨ ᠭᠦᠯ ᠤᠨ ᠤᠢ᠌ᠷ᠎ᠡ ᠮᠤᠷᠢᠨ ᠤ ᠰᠤᠶᠤᠭ᠎ᠠ ᠥᠰᠦᠷᠦᠭᠡᠳ ᠳᠤᠰᠤᠨ᠎ᠠ᠃ ᠠᠪᠣᠭᠠᠤᠨ ᠬᠠᠪᠳᠠᠭᠠᠯᠠᠴᠢᠬᠠᠭᠠᠤᠨ ᠮᠤᠷᠢᠨ ᠤ ᠮᠢᠬ᠎ᠠ ᠵᠠᠮᠠᠠᠴᠢ ᠳᠤ ᠠᠪᠴᠤ ᠣᠳᠤᠭᠠᠤᠨ ᠥᠭ᠍ᠴᠢᠭᠡᠪᠡ᠃ ᠰᠤᠶᠤᠭ᠎ᠠ ᠶᠢ ᠨᠢ ᠬᠠᠭᠠᠨ ᠤ ᠡᠮᠤᠨ᠎ᠡ ᠪᠠᠶ᠎ᠠ ᠳᠤ ᠳᠠᠷᠢᠴᠢᠬᠠᠪᠠ᠃ ᠰᠠᠢ᠌ᠬᠠᠨ ᠮᠤᠳᠤᠨ ᠪᠣᠯᠤᠭᠠᠤᠨ ᠣᠷᠭᠤᠭᠠᠤᠨ ᠱᠠᠪᠰᠢᠭᠠᠤᠨ ᠪᠠᠢ᠌ᠨ᠎ᠠ᠃ ᠬᠠᠭᠠᠨ ᠤ ᠬᠠᠳᠤᠨ ᠳᠠᠭᠢᠭᠠᠤᠨ ᠨᠥᠭ᠌ ᠰᠥᠭ᠌ ᠦᠭᠡᠶ᠂ ᠣᠬᠠᠭᠠᠨ ᠰᠡᠭᠡᠭᠡᠨ ᠦᠭᠡᠶ ᠭᠡᠢ᠌ᠰᠪᠡ᠃ ᠬᠠᠨ ᠬᠠᠳᠤᠨ ᠡᠴᠠ ᠪᠠᠨ ᠰᠤᠷᠠᠵᠤ ᠪᠠᠢ᠌ᠨ᠎ᠠ᠄

᠊᠊᠊᠊᠊᠊᠊᠊᠊᠊᠊᠊᠊᠊᠊ ᠶᠠᠮᠠᠷ ᠭᠡᠮ ᠴᠢᠮ᠎ᠠ ᠳᠤ ᠢᠷᠠᠪᠠ᠂ ᠶᠠᠭᠤ ᠭᠢᠭᠦᠯ᠎ᠡ ᠡᠳᠡᠭᠡᠭᠦ ᠶᠤᠮ ᠪᠣᠢ ᠴᠢ︖

ᠬᠠᠳᠤᠨ ᠭᠡᠯᠡᠪᠡ᠄

᠊᠊᠊᠊᠊᠊᠊᠊᠊᠊᠊᠊᠊᠊᠊ ᠮᠢᠨᠢ ᠳᠡᠭᠡᠳ ᠰᠠᠢ᠌ᠬᠠᠨ ᠳᠤ ᠣᠯᠠᠨ ᠠᠮᠢᠳᠠᠨ ᠤ ᠨᠢᠳᠤᠨ ᠭᠦᠷᠦᠭᠡᠳ᠂ ᠭᠡᠯᠡᠨ ᠠᠮᠠᠨ ᠨᠠᠳᠠᠳᠤ ᠭᠦᠷᠦᠭᠡᠳ ᠪᠠᠢ᠌ᠨ᠎ᠠ᠃ ᠳᠠᠷᠠ ᠮᠠᠨ ᠤ ᠪᠠᠢ᠌ᠰᠢᠩ ᠤᠨ ᠡᠮᠤᠨ᠎ᠡ ᠣᠷᠭᠤᠵᠤ ᠪᠠᠢ᠌ᠭᠰᠠᠨ ᠮᠤᠳᠤ ᠶᠢ ᠴᠠᠪᠴᠢᠭᠠᠤᠨ ᠨᠠᠳᠠᠳᠤ ᠨᠡᠭᠦᠷᠡᠰᠤ ᠬᠠᠶᠠᠬᠤᠯ᠎ᠠ ᠳᠡᠭᠡᠭᠡᠳ ᠪᠢ ᠡᠳᠡᠭᠡᠭᠦ ᠪᠢ᠃

ᠬᠠᠨ ᠨᠢᠭᠡ ᠶᠠᠯᠠᠴᠢ ᠳᠠᠭᠠᠨ ᠵᠠᠭᠢᠪᠠ᠄ 《ᠳᠠᠷᠠ ᠣᠷᠭᠤᠵᠤ ᠪᠠᠢ᠌ᠭᠰᠠᠨ ᠮᠤᠳᠤ ᠶᠢ ᠴᠠᠪᠴᠢᠭᠠᠤᠨ ᠮᠢᠨᠢ ᠬᠠᠳᠤᠨ ᠳᠤ ᠨᠡᠭᠦᠷᠡᠰᠤ ᠬᠠᠶᠠᠭᠳᠤᠨ》᠃

ᠮᠤᠳᠤ ᠶᠢ ᠴᠠᠪᠴᠢᠬᠤ ᠪᠠᠷ ᠬᠠᠭᠠᠨ ᠤ ᠶᠠᠯᠠᠴᠢ ᠢᠷᠡᠭᠡᠳ ᠬᠠᠯᠢᠶᠠᠭᠠᠤᠨ (ᠬᠠᠷᠠᠭᠠᠤᠨ) ᠭᠡᠯᠡᠵᠤ ᠪᠠᠢ᠌ᠨ᠎ᠠ᠄

᠊᠊᠊᠊᠊᠊᠊᠊᠊᠊᠊᠊᠊᠊᠊ ᠡᠢ᠌ᠮᠤ ᠰᠠᠢ᠌ᠬᠠᠨ ᠴᠢᠮ᠎ᠠ ᠶᠢ ᠶᠠᠭᠤᠨ ᠭᠡᠳ ᠴᠠᠪᠴᠢᠵᠤ ᠬᠠᠶᠠᠬᠤ ᠪᠠᠷ ᠪᠠᠢ᠌ᠬᠤ ᠶᠤᠮ ᠪᠣᠢ︖

ᠮᠤᠳᠤᠨ ᠭᠡᠯᠡᠪᠡ᠄

᠊᠊᠊᠊᠊᠊᠊᠊᠊᠊᠊᠊᠊᠊᠊ ᠰᠠᠨᠠᠭ᠎ᠠ ᠪᠠᠨ ᠪᠢᠳᠡᠭᠡᠢ ᠵᠤᠪᠠ᠃ ᠴᠠᠪᠴᠢᠭᠠᠤᠨ ᠭᠠᠯ ᠳᠤ ᠰᠢᠳᠠᠭ᠎ᠠ᠃ ᠰᠢᠳᠠᠵᠤ ᠪᠠᠢ᠌ᠭᠰᠠᠨ ᠮᠤᠳᠤᠨ ᠤ ᠨᠢᠭᠡ ᠣᠴᠢᠨ ᠥᠰᠦᠷᠦᠭᠡᠳ ᠭᠦᠯ ᠤᠨ ᠴᠢᠨᠢ ᠤᠢ᠌ᠷ᠎ᠡ ᠳᠤᠰᠬᠤ᠃ ᠳᠠᠷᠠ ᠣᠴᠢ ᠶᠢ ᠠᠪᠴᠤ ᠣᠳᠤᠭᠠᠤᠨ ᠣᠳᠤᠭᠠᠤᠨ ᠭᠤᠤᠯ ᠤᠨ ᠣᠰᠤᠨ ᠳᠤ ᠬᠠᠶᠠᠴᠢᠬ᠎ᠠ᠃ ᠬᠠᠭᠠᠨ ᠤ ᠶᠠᠯᠠᠴᠢ ᠮᠤᠳᠤ ᠶᠢ ᠴᠠᠪᠴᠢᠭᠠᠤᠨ ᠭᠠᠯ ᠳᠤ ᠲᠦᠯᠡᠭᠡᠳ ᠬᠠᠳᠤᠨ ᠳᠤ ᠨᠡᠭᠦᠷᠡᠰᠤ ᠬᠠᠶᠠᠪᠠ᠃

ᠨᠢᠭᠡ ᠣᠴᠢᠨ ᠥᠰᠦᠷᠦᠭᠡᠳ ᠶᠠᠯᠠᠴᠢ ᠶᠢᠨ ᠭᠦᠯ ᠤᠨ ᠤᠢ᠌ᠷ᠎ᠡ ᠣᠤᠠᠴᠤ ᠳᠤᠰᠪᠠ᠃ ᠶᠠᠯᠠᠴᠢ ᠠᠪᠴᠤ ᠣᠳᠤᠭᠠᠤᠨ ᠣᠰᠤᠨ ᠳᠤ ᠬᠠᠶᠠᠴᠢᠬᠠᠪᠠ᠃ ᠣᠴᠢᠨ ᠰᠠᠢ᠌ᠬᠠᠨ ᠪᠣᠯᠬᠤᠭᠠᠴᠢ ᠨᠤᠭᠤᠰᠤᠨ ᠪᠣᠯᠤᠭᠠᠤᠨ ᠪᠣᠯᠬᠤᠭᠠᠤᠨ ᠣᠢ᠌ᠮᠤᠭᠠᠤᠨ ᠪᠠᠢ᠌ᠨ᠎ᠠ᠃ ᠬᠠᠨ ᠬᠠᠳᠤᠨ ᠬᠤᠶᠠᠷ ᠣᠰᠤᠨ ᠳᠤ ᠣᠢ᠌ᠮᠤᠬᠤ ᠪᠠᠷ ᠭᠤᠤᠯ ᠣᠷᠤᠭᠤ ᠭᠦᠷᠦᠭᠡᠳ ᠢᠷᠠᠪᠠ᠃ ᠬᠠᠨ ᠬᠤᠪᠴᠠᠰᠤ ᠪᠠᠨ ᠳᠠᠢ᠌ᠯᠤᠭᠠᠤᠨ ᠣᠰᠤᠴᠢᠭᠠᠤᠨ (ᠱᠤᠮᠪᠠᠵᠤ) ᠨᠤᠭᠤᠰᠤ ᠶᠢ ᠪᠠᠷᠢᠬᠤ ᠪᠠᠷ ᠭᠦᠭᠡᠭᠡᠯᠳᠡᠪᠡ᠃ ᠬᠠᠳᠤᠨ ᠴᠢᠰᠭᠢᠭᠡᠳ ᠬᠠᠢ᠌ᠭᠢᠷᠠᠭᠠᠤᠨ ᠪᠠᠢ᠌ᠨ᠎ᠠ᠄ 《ᠡᠨᠡ ᠨᠤᠭᠤᠰᠤᠨ ᠯᠤᠭ᠎ᠠ ᠪᠢᠳᠦᠭᠡᠢ ᠭᠦᠭᠡᠭᠡᠯᠳᠦᠭ᠍ᠳᠤᠨ ᠡᠨᠡ ᠳᠠᠨᠢ ᠵᠡᠳᠭᠡᠷ ᠲᠡᠶ ᠨᠤᠭᠤᠰᠤᠨ》᠃ ᠬᠠᠨ ᠭᠡᠯᠡᠪᠡ᠄ 《ᠪᠢ ᠶᠠᠭᠤᠨ ᠡᠴᠠ ᠠᠶᠤᠬᠤ ᠪᠢᠯᠠ ᠪᠢ᠂ ᠨᠠᠮ᠎ᠠ ᠶᠢ ᠭᠡᠨ ᠳᠠᠷᠤᠬᠤ ᠪᠢᠯᠠ》 ᠭᠡᠳ ᠣᠯᠠᠮ ᠭᠦᠭᠡᠭᠡᠯᠳᠦᠭᠡᠳ ᠪᠠᠢ᠌ᠨ᠎ᠠ᠃ ᠨᠤᠭᠤᠰᠤᠨ ᠬᠠᠨ ᠢ ᠵᠦᠪ ᠶᠢᠡᠷ ᠬᠤᠯᠠ ᠳᠤ ᠭᠠᠷᠭᠠᠴᠢᠬᠠᠭᠠᠤᠨ ᠪᠣᠯᠬᠤᠭᠠᠤᠨ ᠡᠨᠡ ᠵᠠᠬ᠎ᠠ ᠳᠠᠭᠠᠨ ᠭᠠᠷᠴᠤ ᠢᠷᠡᠭᠡᠳ ᠭᠦᠮᠤᠨ ᠪᠣᠯᠤᠭᠠᠤᠨ ᠦᠰᠦᠷᠴᠤ ᠪᠣᠰᠤᠭᠠᠤᠨ ᠬᠠᠭᠠᠨ ᠤ ᠢᠯᠳᠤ ᠶᠢ ᠠᠪᠣᠭᠠᠤᠨ ᠣᠷᠭᠢᠨ᠎ᠠ᠃ ᠬᠠᠭᠠᠨ ᠢ ᠣᠰᠤᠨ ᠡᠴᠠ ᠭᠠᠷᠭᠠᠵᠤ ᠠᠪᠣᠭᠠᠤᠨ ᠬᠠᠳᠤᠨ ᠲᠡᠶ ᠨᠢ ᠬᠤᠶᠠᠭᠤᠯᠠ ᠶᠢ ᠨᠢ ᠴᠠᠪᠴᠢᠵᠤ ᠠᠯᠠᠭᠠᠤᠨ ᠬᠠᠶᠠᠴᠢᠬᠠᠭᠠᠤᠨ ᠬᠠᠭᠠᠨ ᠤ ᠬᠤᠪᠴᠠᠰᠤ ᠥᠮᠦᠰᠦᠭᠡᠳ ᠭᠦᠷᠴᠤ ᠢᠷᠠᠨ᠎ᠡ᠃ ᠠᠮᠢᠳᠠᠢ ᠶᠠᠭᠤᠮᠠᠨ ᠮᠠᠳᠠᠵᠤ ᠳᠠᠨᠢᠵᠤ ᠪᠠᠢ᠌ᠬᠤ ᠨᠢ ᠦᠭᠡᠶ᠃

ᠬᠠᠨ ᠪᠣᠯᠤᠭᠠᠤᠨ ᠨᠤᠳᠤᠭ ᠡᠵᠡᠯᠡᠭᠡᠳ ᠠᠮᠤᠷᠠᠭᠠᠤᠨ ᠵᠢᠷᠭᠠᠭᠠᠤᠨ ᠪᠠᠢ᠌ᠵᠠᠢ᠃


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠦᠷᠤᠮᠴᠢ ᠬᠤᠳᠠ

ᠵᠤᠬᠢᠶᠠᠭᠴᠢ᠄ ᠪᠠ᠊·ᠵᠠᠰᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9245
ᠴᠠᠭ᠄ 2011 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ