ᠨᠡᠪᠲᠡᠷᠡᠨ ᠤᠷᠤᠬᠤ
ᠪᠤᠳᠤᠯ ᠤᠨ ᠦᠨᠳᠦᠷ

ᠪᠣᠷᠭᠢᠵᠤ ᠪᠠᠢ᠌ᠭ᠎ᠠ ᠠᠮᠢᠳᠤᠷᠠᠯ ᠤᠨ ᠱᠤᠤᠭᠢᠶᠠᠨ ᠳᠤᠮᠳᠠ

ᠪᠣᠳᠠᠷᠠᠵᠤ ᠪᠠᠢ᠌ᠭ᠎ᠠ ᠰᠠᠤᠠᠭᠢᠯ ᠤᠨ ᠳᠤᠭᠤᠰᠤ ᠪᠠᠨ ᠭᠦᠪᠢᠨ

ᠪᠣᠳᠠᠯᠠᠵᠤ ᠪᠠᠢ᠌ᠭ᠎ᠠ ᠳᠤᠷᠠᠰᠤᠯ ᠤᠨ ᠶᠠᠠᠳᠠᠷ ᠶᠢᠡᠷ

ᠪᠣᠳᠤᠯ ᠤᠨ ᠦᠨᠳᠦᠷ ᠲᠤ ᠠᠯᠬᠤᠨ ᠭᠠᠷᠬᠤ ᠳᠤ᠂

ᠣᠷᠭᠤᠵᠤ ᠪᠠᠢ᠌ᠭ᠎ᠠ ᠣᠯᠠᠭᠠᠨ ᠨᠠᠷᠠᠨ ᠤ ᠳᠤᠤᠭᠤᠷ

ᠣᠵᠤᠭᠤᠷ ᠤᠨ ᠳᠡᠦᠭᠡ ᠭᠡᠢ᠌ᠰᠴᠤ ᠪᠠᠢ᠌ᠭ᠎ᠠ ᠰᠢᠭ᠃

ᠣᠶᠠᠷᠠᠵᠤ ᠪᠠᠢ᠌ᠭ᠎ᠠ ᠬᠠᠯᠠᠭᠤᠨ ᠵᠢᠷᠦᠭᠡᠨ ᠤ ᠳᠡᠭᠡᠭᠦᠷ

ᠣᠬᠠᠭᠠᠨ ᠤ ᠳᠠᠷ ᠪᠠᠳᠠᠷᠠᠵᠤ ᠪᠠᠢ᠌ᠭ᠎ᠠ ᠰᠢᠭ᠃

ᠬᠠᠮᠤᠵᠤ ᠳᠠᠯᠪᠢᠭᠰᠠᠨ ᠠᠷᠭᠠᠯ ᠡᠴᠡ ᠭᠡᠳᠤ ᠶᠢ ᠬᠤᠷᠮᠣᠢ᠌ᠯᠠᠭᠠᠤᠨ

ᠬᠠᠭᠠᠨ ᠤ ᠳᠠᠮᠠᠭ᠎ᠠ ᠲᠡᠶ ᠮᠥᠩᠭᠡ ᠳᠤᠯᠭᠠᠨ ᠳᠤ ᠵᠡᠷᠭᠡᠯᠡᠯ᠎ᠡ᠂

ᠬᠠᠨᠢ ᠨᠥᠭᠦᠷ ᠤᠨ ᠡᠩᠭᠡ ᠶᠢᠨ ᠪᠠᠷᠢᠯᠳᠤᠯᠭ᠎ᠠ ᠲᠡᠶ

ᠬᠠᠢ᠌ᠷ᠎ᠠ ᠣᠴᠢᠯᠠᠭᠰᠠᠨ ᠠᠮᠢᠳᠤᠷᠠᠯ ᠤᠨ ᠭᠡᠳᠡ ᠪᠠᠨ ᠬᠠᠪᠢᠷᠤᠯ᠎ᠠ᠃

ᠣᠴᠢᠯᠠᠵᠤ ᠪᠠᠢ᠌ᠭ᠎ᠠ ᠴᠦᠪᠣᠳᠠᠯ ᠭᠡᠵᠤ

ᠣᠳᠤᠨ ᠳᠤ ᠭᠦᠷᠭᠦ ᠠᠶᠠᠨ ᠵᠠᠮ ᠤᠨ ᠣᠯᠠ ᠦᠦ︖

ᠣᠯᠠᠯᠵᠠᠵᠤ ᠪᠠᠢ᠌ᠭ᠎ᠠ ᠲᠦᠯᠦ ᠭᠡᠵᠤ

ᠣᠳᠤᠮ ᠳᠠᠮᠵᠢᠬᠤ ᠦᠪ ᠰᠤᠶᠤᠯ ᠤᠨ ᠵᠤᠯᠠ ᠦᠦ︖

ᠣᠭᠳᠠᠷᠭᠤᠢ ᠡᠴᠡ ᠪᠠᠭᠤᠭᠰᠠᠨ ᠨᠠᠷᠠᠨ ᠤ ᠰᠠᠴᠤᠷᠠᠭ

ᠣᠷᠴᠢᠯᠠᠩ ᠵᠥᠭ᠌ ᠪᠣᠳᠤᠯ ᠢ ᠮᠢᠨᠢ ᠭᠦᠳᠦᠯᠪᠡ᠂

ᠣᠳᠤᠷ ᠮᠠᠨᠠᠬᠤ ᠡᠴᠡ ᠣᠷᠴᠢᠯᠠᠩ ᠬᠤᠪᠢᠶᠠᠯᠴᠠᠬᠤ

ᠣᠰᠤᠯ ᠦᠭᠡᠶ ᠦᠨᠡᠨ ᠣᠬᠠᠭᠠᠨ ᠤ ᠳᠤᠭ ᠥᠭ᠍ᠪᠡ᠃

ᠳᠠᠷᠠ ᠳᠤᠭ ᠢ ᠪᠢ ᠦᠨᠳᠦᠷ ᠡᠷᠭᠢᠭᠦᠯᠵᠤ

ᠳᠡᠦᠭᠡ ᠶᠢᠨ ᠠᠶᠠᠨ ᠤ ᠳᠡᠷᠭᠡᠨ ᠳᠡᠭᠡᠷ᠎ᠡ ᠵᠤᠭᠰᠤᠪᠠ᠂

ᠳᠡᠭ᠍ᠷᠢ ᠶᠢᠨ ᠳᠠᠩᠨᠠᠢ ᠶᠢ ᠳᠠᠯ ᠲᠡᠶ ᠰᠠᠯᠭᠢ ᠪᠠᠷ ᠭᠤᠶᠠᠳᠠᠵᠤ

ᠳᠠᠮᠤᠵᠢᠨ ᠡᠪᠦᠭᠡ ᠶᠢᠨ ᠰᠤᠷᠠᠭ ᠢ ᠣᠬᠠᠭᠠᠨ ᠶᠢᠡᠷ ᠬᠠᠢ᠌ᠪᠠ᠃

ᠳᠠᠷᠠ ᠰᠤᠷᠠᠭ ᠢ ᠪᠢ ᠪᠣᠳᠤᠯ ᠤᠨ ᠦᠨᠳᠦᠷ ᠲᠤ ᠡᠯᠭᠦᠵᠤ

ᠣᠶᠤᠨ ᠰᠡᠮᠡᠷᠭᠡᠢ ᠪᠠᠷ ᠣᠬᠠᠭᠠᠨ ᠤ ᠳᠤᠭ ᠢ ᠨᠢ᠌ᠦᠡᠭᠡᠪᠡ᠃

ᠳᠡᠭᠡᠭᠡᠤᠨ ᠪᠢ ᠳᠤᠤᠷ᠎ᠠ ᠨᠢ ᠰᠥᠭᠦᠦᠡᠴᠤ ᠪᠠᠢ᠌ᠭᠠᠤᠨ

ᠣᠨ ᠤ ᠭᠦᠷᠳᠤᠨ ᠳᠡᠭᠡᠷ᠎ᠡ ᠳᠠᠩᠭ᠋ᠠᠷᠢᠭ ᠶᠢᠡᠨ ᠰᠠᠢ᠌ᠯᠪᠠ᠃

ᠡᠭᠦᠷᠴᠤ ᠶᠠᠪᠣᠬᠤ ᠰᠠᠤᠠᠭᠢᠯ ᠤᠨ ᠨᠠᠷᠠ ᠭᠡᠵᠤ

ᠡᠪᠦᠭᠡ ᠳᠡᠭᠡᠳᠦᠰ ᠤᠨ ᠨᠠᠮᠳᠠᠷ ᠪᠠᠢ᠌ᠵᠠᠢ᠃

ᠡᠷᠭᠦᠵᠤ ᠶᠠᠪᠣᠬᠤ ᠠᠮᠢᠳᠤᠷᠠᠯ ᠤᠨ ᠨᠠᠷᠠ ᠭᠡᠵᠤ

ᠡᠵᠡᠨ ᠭᠦᠮᠤᠨ ᠤ ᠠᠯᠳᠠᠷ ᠪᠠᠢ᠌ᠵᠠᠢ᠃

ᠣᠪᠣᠭ ᠪᠣᠰᠤᠭ᠎ᠠ ᠨᠤᠳᠤᠭ ᠤᠨ ᠳᠡᠭ᠍ᠷᠢ ᠳᠤ

ᠡᠭᠡ ᠭᠡᠯᠡ ᠯᠠ ᠨᠠᠷᠠ ᠪᠠᠢ᠌ᠵᠠᠢ᠃

ᠣᠮᠤᠭ ᠪᠣᠰᠤᠭ᠎ᠠ ᠭᠦᠮᠤᠨ ᠤ ᠦᠷ᠎ᠡ ᠳᠤ

ᠡᠷ᠎ᠡ ᠵᠢᠷᠦᠭᠡ ᠯᠠ ᠨᠠᠷᠠ ᠪᠠᠢ᠌ᠵᠠᠢ᠃

ᠪᠣᠷᠬᠠᠨ ᠤ ᠨᠢᠳᠤᠨ ᠳᠤ ᠶᠠᠰᠤ ᠬᠠᠳᠠᠭᠤ ᠪᠣᠯᠬᠤᠷ

ᠪᠣᠭᠤᠷᠤᠯ ᠵᠠᠭᠤᠨ ᠳᠤ ᠨᠠᠷᠠ ᠲᠡᠶ ᠵᠠᠶᠠᠭᠠᠳᠠᠭ᠃

ᠪᠣᠳᠤᠯ ᠤᠨ ᠦᠨᠳᠦᠷ ᠨᠢ ᠰᠦᠰᠦ ᠬᠠᠳᠠᠭᠤ ᠪᠣᠯᠬᠤᠷ

ᠪᠣᠰᠤᠭ᠎ᠠ ᠳᠦᠷᠦᠭᠡᠨ ᠳᠤ ᠨᠠᠷᠠ ᠲᠡᠶ ᠳᠠᠪᠭᠢᠳᠠᠭ᠃


2005.11.1 ᠬᠦᠬᠡᠬᠤᠲᠠᠨ᠎ᠡ


(ᠪᠦᠭᠦ ᠣᠯᠤᠰ ᠤᠨ 《ᠳᠡᠭ᠍ᠷᠢ ᠶᠢᠨ ᠪᠣᠳᠤᠭᠤ》 ᠢᠷᠠᠭᠤ ᠨᠠᠢ᠌ᠷᠠᠭ ᠤᠨ ᠭᠤᠷᠪᠠᠳᠤᠭᠠᠷ ᠳᠡᠮᠡᠴᠡᠭᠡᠨ ᠪᠡᠯᠡᠳᠭᠡᠯ ᠣᠷᠤᠯᠳᠤᠭᠠᠨ ᠡᠴᠡ ᠳᠤᠳᠤᠷᠠᠭᠰᠠᠨ ᠪᠦᠳᠦᠭᠡᠯ)

ᠵᠤᠬᠢᠶᠠᠭᠴᠢ ᠶᠢᠨ ᠳᠤᠬᠠᠢ᠄ ᠵᠢ᠊·ᠠᠩᠭᠢᠷ᠂ ᠲᠦᠩᠯᠢᠶᠤᠤ ᠬᠤᠳᠠ ᠶᠢᠨ ᠭᠦᠷᠢᠶ᠎ᠡ ᠬᠤᠰᠢᠭᠤᠨ ᠤ ᠭᠦᠮᠤᠨ᠂ ᠣᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠭᠠᠵᠠᠷ ᠵᠦᠢ ᠶᠢᠨ ᠰᠢᠡᠵᠢᠯᠡᠭᠦ ᠣᠬᠠᠭᠠᠨ ᠤ ᠭᠦᠷᠢᠶᠡᠯᠡᠩ ᠤᠨ 2003 ᠣᠨ ᠤ ᠮᠤᠩᠭ᠋ᠤᠯ ᠠᠩᠭᠢ ᠳᠤ ᠰᠤᠷᠤᠯᠴᠠᠵᠤ ᠪᠠᠢ᠌ᠨ᠎ᠠ᠃


ᠵᠤᠬᠢᠶᠠᠭᠴᠢ᠄ ᠵᠢ᠊·ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3991
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ