ᠨᠡᠪᠲᠡᠷᠡᠨ ᠤᠷᠤᠬᠤ
ᠵᠡᠭᠦᠳᠤᠨ ᠳᠤ ᠡᠷᠢᠭ᠍ᠳᠡᠭᠦ ᠨᠤᠳᠤᠭ
(ᠳᠠᠭᠤᠨ ᠤ ᠰᠢᠯᠦᠭ᠌)

ᠳᠤᠮᠤᠭ᠎ᠠ ᠦᠭᠡᠶ ᠯᠠ ᠨᠠᠰᠤᠨ ᠳᠤ ᠮᠢᠨᠢ

ᠳᠤᠭᠤᠯ ᠤᠨ ᠶᠢᠡᠨ ᠤᠭᠤᠳᠤᠩ ᠰᠢᠭ

ᠳᠤᠭᠯᠠᠭᠤᠯᠵᠤ ᠳᠠᠪᠭᠢᠭᠤᠯᠳᠠᠭ ᠳᠠᠯ᠎ᠠ ᠮᠢᠨᠢ

ᠳᠤᠭᠤᠰᠤ ᠨᠢ ᠴᠤ ᠭᠦᠳᠡᠯᠦᠭᠡ ᠦᠭᠡᠶ ᠪᠠᠢ᠌ᠵᠠᠢ

ᠵᠡᠭᠦᠳᠤᠨ ᠳᠤ ᠡᠷᠢᠭ᠍ᠳᠡᠭᠦ ᠨᠤᠳᠤᠭ

ᠵᠢᠷᠦᠭᠡᠨ ᠡᠴᠡ ᠣᠶᠠᠭᠠᠳᠠᠢ ᠳᠡᠭ᠍ᠷᠢ

ᠵᠡᠷᠭᠡᠯᠭᠡᠨ ᠳᠠᠮᠵᠢᠨ ᠠᠯᠤᠰᠯᠠᠬᠤ

ᠵᠠᠭᠤᠨ ᠵᠠᠭᠤᠨ ᠤ ᠲᠦᠰᠢᠶᠠᠳᠤ ᠮᠢᠨᠢ

ᠣᠷᠤᠭ᠎ᠠ ᠮᠤᠷᠢᠨ ᠤ ᠭᠦᠶ‍ᠦᠳᠡᠯ ᠳ᠋ᠤ

ᠴᠢᠯᠠᠭᠤᠳ ᠤᠨ ᠰᠢᠪᠠᠨᠡᠭᠡ ᠳᠤᠭᠤᠯᠳᠠᠭ᠎ᠠ ᠥᠭᠡᠢ

ᠣᠷᠭᠠᠴᠢᠨ ᠠᠪᠣ ᠶᠢᠨ ᠮᠢᠨᠢ ᠢᠰᠭᠢᠷᠦᠭᠡ

ᠭᠠᠵᠠᠷ ᠤᠨ ᠬᠤᠯᠠ ᠡᠴᠡ ᠣᠢ᠌ᠷᠠᠳᠤᠳᠠᠭ

ᠵᠡᠭᠦᠳᠤᠨ ᠳᠤ ᠡᠷᠢᠭ᠍ᠳᠡᠭᠦ ᠨᠤᠳᠤᠭ

ᠵᠢᠷᠦᠭᠡᠨ ᠡᠴᠡ ᠣᠶᠠᠭᠠᠳᠠᠢ ᠳᠡᠭ᠍ᠷᠢ

ᠵᠡᠷᠭᠡᠯᠭᠡᠨ ᠳᠠᠮᠵᠢᠨ ᠠᠯᠤᠰᠯᠠᠬᠤ

ᠵᠠᠭᠤᠨ ᠵᠠᠭᠤᠨ ᠤ ᠲᠦᠰᠢᠶᠠᠳᠤ ᠮᠢᠨᠢ

ᠪᠣᠷᠤᠭ᠎ᠠ ᠭᠤᠶᠤᠬᠤ ᠡᠪᠦᠭᠡᠳ ᠤᠨ

ᠬᠠᠷᠠᠴᠠ ᠨᠢ ᠳᠠᠩᠳᠠ ᠵᠥᠭᠡᠯᠡᠨ

ᠪᠣᠷᠬᠠᠨ ᠭᠦᠷᠳᠡᠯ᠎ᠡ ᠬᠤᠷᠭᠤᠳᠠᠮᠠᠷ

ᠣᠪᠣᠭᠠᠨ ᠰᠢᠳᠦᠭᠡᠨ ᠲᠡᠶ ᠪᠠᠢ᠌ᠭᠠᠯᠢ

ᠵᠡᠭᠦᠳᠤᠨ ᠳᠤ ᠡᠷᠢᠭ᠍ᠳᠡᠭᠦ ᠨᠤᠳᠤᠭ

ᠵᠢᠷᠦᠭᠡᠨ ᠡᠴᠡ ᠣᠶᠠᠭᠠᠳᠠᠢ ᠳᠡᠭ᠍ᠷᠢ

ᠵᠡᠷᠭᠡᠯᠭᠡᠨ ᠳᠠᠮᠵᠢᠨ ᠠᠯᠤᠰᠯᠠᠬᠤ

ᠵᠠᠭᠤᠨ ᠵᠠᠭᠤᠨ ᠤ ᠲᠦᠰᠢᠶᠠᠳᠤ ᠮᠢᠨᠢ

ᠵᠤᠬᠢᠶᠠᠭᠴᠢ᠄ ᠰᠤ ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2768
ᠴᠠᠭ᠄ 2009 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ