☆ ᠪᠣᠷᠵᠢᠭᠢᠨ ᠷᠢᠠᠴᠢᠨ
ᠰᠥ᠋ ᠪᠠᠢ᠌ᠪᠠ
ᠳᠤᠭᠤᠭ᠎ᠠ ᠲᠡᠶ ᠰᠦ᠋ ᠳᠤ ᠵᠠᠭᠰᠠᠵᠤ ᠬᠤᠨᠤᠳᠠᠭ ᠡᠴᠠ
ᠰᠠᠷᠠᠨ ᠰᠦᠨ ᠳᠤᠶᠠᠭ᠎ᠠ ᠪᠠᠷ ᠠᠰᠠᠳᠠᠭ ᠪᠠᠢ᠌ᠪᠠ
ᠳᠤᠭᠤᠨᠤ ᠲᠡᠶ ᠭᠡᠷ ᠲᠤ ᠳᠤᠯᠤᠭᠠᠢ ᠬᠤᠯᠪᠣᠳᠠᠭ ᠡᠴᠠ
ᠰᠡᠳᠭᠢᠯ ᠰᠦᠨ ᠴᠠᠢ᠌ᠯᠭᠠᠨ ᠶᠢᠡᠷ ᠪᠢᠯᠬᠠᠳᠠᠭ ᠪᠠᠢ᠌ᠪᠠ
ᠳᠤᠮᠤᠭ᠎ᠠ ᠦᠭᠡᠶ ᠪᠠᠭ᠎ᠠ ᠨᠠᠰᠤ ᠡᠴᠠ
ᠰᠥ᠋ ᠥᠨᠦᠷᠳᠦᠭ᠍ᠳᠡᠵᠤ ᠪᠠᠢ᠌ᠪᠠ
ᠳᠤᠲ᠋ᠸᠮ ᠰᠢᠳᠦᠯᠭᠡ ᠶᠢᠨ ᠶᠤᠰᠤᠨ ᠡᠴᠠ
ᠰᠥ᠋ ᠬᠠᠩᠬᠤᠯᠠᠵᠤ ᠪᠠᠢ᠌ᠪᠠ
ᠮᠤᠷᠳᠠᠬᠤ ᠳᠤ ᠳᠦᠷᠦᠭᠡᠨ ᠳᠠᠪᠠᠭ ᠡᠴᠠ
ᠰᠥ᠋ ᠳᠤᠰᠤᠯᠠᠵᠤ ᠪᠠᠢ᠌ᠪᠠ
ᠮᠤᠷᠢᠯᠠᠬᠤ ᠳᠤ ᠮᠤᠩᠭ᠋ᠤᠯ ᠨᠤᠳᠤᠭ ᠡᠴᠠ
ᠰᠥ᠋ ᠱᠠᠭᠢᠵᠤ ᠪᠠᠢ᠌ᠪᠠ
ᠨᠠᠢ᠌ᠷᠠᠭ ᠠᠢ᠌ᠷᠠᠭ ᠤᠨ ᠭᠦᠴᠤᠨ ᠳ᠋ᠤ
ᠰᠥ᠋ ᠠᠮᠳᠠᠭᠳᠠᠵᠤ ᠪᠠᠢ᠌ᠪᠠ
ᠨᠠᠢ᠌ᠷ ᠬᠤᠷᠢᠮ ᠤᠨ ᠭᠦᠴᠤᠨ ᠳ᠋ᠤ
ᠰᠥ᠋ ᠴᠠᠯᠭᠢᠵᠤ ᠪᠠᠢ᠌ᠪᠠ
ᠨᠡᠭᠦᠳᠡᠯ ᠤᠨ ᠣᠷᠳᠤ ᠠᠶᠠᠨ ᠳ᠋ᠤ
ᠰᠥ᠋ ᠢᠪᠢᠯᠠᠵᠤ ᠪᠠᠢ᠌ᠪᠠ
ᠨᠥᠭᠦᠷᠯᠡᠯ ᠤᠨ ᠠᠷᠢᠭᠤᠨ ᠣᠢ᠌ᠯᠠᠰ ᠳᠤ
ᠰᠥ᠋ ᠪᠢᠯᠬᠠᠵᠤ ᠪᠠᠢ᠌ᠪᠠ
ᠪᠣᠷᠬᠠᠨ ᠤ ᠳᠤᠯᠤᠭᠠᠨ ᠡᠭᠡᠰᠢᠭ᠌ ᠡᠴᠠ
ᠰᠥ᠋ ᠣᠠᠳᠤᠷᠴᠤ ᠪᠠᠢ᠌ᠪᠠ
ᠪᠣᠰᠤᠭ᠎ᠠ ᠮᠤᠩᠭ᠋ᠤᠯ ᠰᠤᠶᠤᠯ ᠡᠴᠠ
ᠰᠥ᠋ ᠣᠷᠭᠤᠵᠤ ᠪᠠᠢ᠌ᠪᠠ
ᠳᠠᠯ ᠤᠨ ᠳᠡᠭᠡᠭᠦᠷ ᠭᠢᠯᠪᠠᠵᠤ
ᠰᠥ᠋ ᠳᠡᠯᠡᠭᠡᠢ ᠪᠠᠢ᠌ᠪᠠ
ᠳᠡᠯᠡᠭᠡᠢ᠌ᠵᠢᠯ ᠤᠨ ᠳᠤᠩᠬᠠᠭ ᠵᠠᠷᠯᠠᠵᠤ
ᠰᠥ᠋ ᠳᠡᠭ᠍ᠷᠢ ᠪᠠᠢ᠌ᠪᠠ
ᠰᠦᠨᠢᠵᠢᠨ ᠨᠢᠷᠠᠢ᠌ᠯᠠᠵᠤ ᠬᠤᠨᠤᠭᠰᠠᠨ
ᠰᠢᠯᠦᠭ᠌ ᠰᠥ᠋ ᠪᠠᠢ᠌ᠪᠠ
ᠡᠳᠦᠷᠵᠢᠨ ᠭᠦᠭ᠍ᠰᠡᠵᠤ ᠶᠠᠪᠣᠭᠰᠠᠨ
ᠰᠡᠳᠭᠢᠯ ᠰᠥ᠋ ᠪᠠᠢ᠌ᠪᠠ
ᠵᠤᠪᠠᠵᠤ ᠵᠦᠳᠠᠨ ᠶᠠᠪᠣᠭᠰᠠᠨ
ᠵᠢᠷᠭᠠᠯ ᠰᠥ᠋ ᠪᠠᠢ᠌ᠪᠠ
ᠵᠤᠭᠤᠰ ᠶᠢᠡᠷ ᠰᠤᠯᠢᠰᠢ ᠥᠭᠡᠢ
ᠬᠠᠢ᠌ᠷ᠎ᠠ ᠰᠥ᠋ ᠪᠠᠢ᠌ᠪᠠ
ᠭᠤᠷᠪᠠᠨ ᠮᠦᠴᠡ ᠣᠷᠤᠰᠤᠭᠰᠠᠨ
ᠨᠢᠯᠪᠣᠰᠤ ᠰᠥ᠋ ᠪᠠᠢ᠌ᠪᠠ
ᠭᠤᠴᠢᠨ ᠵᠢᠯ ᠳᠡᠮᠤᠯᠡᠭ᠍ᠰᠡᠨ
ᠰᠠᠨᠠᠭ᠎ᠠ ᠰᠥ᠋ ᠪᠠᠢ᠌ᠪᠠ
ᠰᠥ᠋
ᠭᠡᠷ ᠲᠤ ᠪᠠᠢ᠌ᠪᠠ
ᠭᠠᠳᠠᠨ᠎ᠠ ᠪᠠᠢ᠌ᠪᠠ
ᠰᠥ᠋
ᠭᠡᠭᠡᠨ ᠳᠤ ᠴᠤ ᠪᠠᠢ᠌ᠪᠠ
ᠬᠠᠷᠠᠩᠭ᠋ᠤᠢ ᠳᠤ ᠴᠤ ᠪᠠᠢ᠌ᠪᠠ
ᠰᠥ᠋
ᠨᠠᠳᠠ ᠳᠤ ᠪᠠᠢ᠌ᠪᠠ
ᠴᠢᠮ᠎ᠠ ᠳᠤ ᠪᠠᠢ᠌ᠪᠠ
ᠰᠦᠨ ᠳᠡᠯᠡᠭᠡᠢ ᠮᠥᠩᠭᠡ ᠪᠠᠢ᠌ᠪᠠ
ᠰᠦᠮᠪᠦᠷ ᠠᠭᠤᠯᠠ ᠰᠦᠨ ᠳᠤ ᠪᠠᠢ᠌ᠪᠠ
ᠭᠦᠭᠦ ᠴᠢᠨᠤᠷᠠᠵᠤ
ᠬᠡᠦᠬᠡᠳ ᠮᠥᠮᠥᠵᠤ ᠪᠠᠢ᠌ᠪᠠ
ᠭᠦᠪᠴᠢᠨ ᠳᠡᠯᠡᠭᠡᠢ
ᠭᠦᠭᠦᠨ ᠰᠦ᠋ ᠪᠠᠷ ᠨᠢᠷᠠᠢ᠌ᠯᠠᠵᠤ ᠪᠠᠢ᠌ᠪᠠ
ᠰᠥ᠋ ᠪᠠᠢ᠌ᠪᠠ
ᠰᠦᠯᠳᠡ ᠪᠠᠢ᠌ᠪᠠ
ᠰᠦᠨ ᠳᠤ ᠬᠤᠷᠤᠭᠤ ᠳᠦᠷᠤᠪᠠᠯ
ᠰᠦᠨᠠᠰᠤ ᠨᠢ ᠣᠷᠤᠰᠢᠬᠤ ᠣᠷᠤᠨ ᠴᠤ ᠣᠯᠳᠠᠬᠤ ᠥᠭᠡᠢ
ᠰᠥᠭᠦᠳᠴᠤ ᠮᠦᠷᠭᠦᠭ᠍ᠰᠡᠨ ᠴᠤ
ᠰᠦᠨ ᠰᠡᠳᠭᠢᠯᠳᠤ ᠠᠷᠠᠤᠨ ᠮᠢᠨᠢ ᠦᠷᠦᠰᠢᠶᠡᠭᠦ ᠥᠭᠡᠢ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2651
ᠴᠠᠭ᠄ 2012 ᠤᠨ ᠤ 08 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ