☆ ᠴᠠᠰᠤᠨ᠎ᠠ
ᠮᠢᠨᠤ ᠨᠤᠳᠤᠭ
ᠬᠠᠨ ᠠᠭᠤᠯᠠ ᠨᠢ ᠰᠥᠮᠪᠦᠷᠯᠡᠭ᠍ᠰᠡᠨ
ᠬᠠᠩᠭ᠋ᠠᠯ ᠨᠠᠭᠤᠷ ᠨᠢ ᠮᠡᠯᠮᠡᠯᠵᠡᠭ᠍ᠰᠡᠨ
ᠬᠤᠷᠴᠢᠨ ᠰᠤᠶᠤᠯ ᠨᠢ ᠭᠢᠯᠠᠯᠵᠠᠭᠰᠠᠨ
ᠬᠤᠭᠤᠷ ᠤᠨ ᠥᠯᠢᠭᠡᠷ ᠶᠢᠡᠨ ᠣᠯᠠᠮᠵᠢᠯᠠᠭᠰᠠᠨ
ᠡᠨᠡ ᠪᠣᠯ ᠮᠢᠨᠤ ᠨᠤᠳᠤᠭ
ᠮᠤᠩᠭ᠋ᠤᠯ ᠤᠨ ᠰᠠᠢ᠌ᠬᠠᠨ ᠣᠷᠤᠨ
ᠪᠣᠷᠤᠭᠠᠨ ᠬᠤᠷ᠎ᠠ ᠨᠢ ᠳᠡᠭ᠍ᠰᠢᠭᠡᠨ
ᠪᠣᠭᠳᠠ ᠡᠵᠡᠨ ᠤ ᠢᠪᠠᠭᠡᠭ᠍ᠰᠡᠨ ᠠᠯᠳᠠᠨ ᠨᠤᠳᠤᠭ
ᠪᠣᠷᠬᠠᠨ ᠴᠠᠭᠠᠨ ᠰᠡᠳᠭᠢᠯᠳᠤ ᠮᠤᠩᠭ᠋ᠤᠯᠴᠤᠳ ᠤᠨ
ᠪᠣᠳᠤᠯ ᠰᠡᠳᠭᠢᠯ ᠢ ᠨᠢ ᠰᠡᠷᠭᠦᠭᠡᠭ᠍ᠰᠡᠨ
ᠡᠨᠡ ᠪᠣᠯ ᠮᠢᠨᠤ ᠨᠤᠳᠤᠭ
ᠮᠤᠩᠭ᠋ᠤᠯ ᠤᠨ ᠰᠠᠢ᠌ᠬᠠᠨ ᠣᠷᠤᠨ
ᠪᠠᠶᠠᠨ ᠬᠠᠩᠭ᠋ᠠᠢ ᠶᠢ ᠳᠡᠷᠡᠯᠡᠭᠡᠳ
ᠪᠠᠶᠠᠰᠤᠯ ᠭᠦᠭ᠍ᠵᠢᠯ ᠶᠢᠡᠷ ᠪᠢᠯᠬᠠᠭᠰᠠᠨ
ᠪᠠᠯᠴᠢᠷ ᠨᠠᠰᠤ ᠶᠢ ᠮᠢᠨᠢ ᠥᠯᠦᠭᠡᠢ᠌ᠳᠡᠭᠡᠳ
ᠪᠢᠯᠢᠭ᠌ ᠣᠶᠤᠨ ᠢ ᠮᠢᠨᠢ ᠭᠦᠭ᠍ᠵᠢᠭᠡᠭ᠍ᠰᠡᠨ
ᠡᠨᠡ ᠪᠣᠯ ᠮᠢᠨᠤ ᠨᠤᠳᠤᠭ
ᠮᠤᠩᠭ᠋ᠤᠯ ᠤᠨ ᠰᠠᠢ᠌ᠬᠠᠨ ᠣᠷᠤᠨ
ᠪᠣᠰᠤᠭ᠎ᠠ ᠮᠤᠩᠭ᠋ᠤᠯ ᠰᠤᠶᠤᠯ ᠲᠡᠶ
ᠪᠣᠷᠬᠠᠨ ᠮᠤᠩᠭ᠋ᠤᠯ ᠥᠰᠦᠭ ᠲᠡᠢ
ᠪᠣᠶᠠᠠᠳᠤ ᠨᠠᠢ᠌ᠷ ᠪᠦᠷᠢᠳᠦᠵᠤ
ᠪᠦᠮᠪᠦᠷᠴᠡᠭ᠌ ᠤᠨ ᠭᠦᠭᠡ ᠢᠷᠦᠭᠡᠯ ᠢ ᠰᠢᠩᠭᠡᠭᠡᠭ᠍ᠰᠡᠨ
ᠡᠨᠡ ᠪᠣᠯ ᠮᠢᠨᠤ ᠨᠤᠳᠤᠭ
ᠮᠠᠠᠳᠤᠬᠤ ᠶᠤᠰᠤᠳᠠᠢ ᠮᠤᠩᠭ᠋ᠤᠯ ᠣᠷᠤᠨ︕
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠠᠰᠤᠭ
ᠵᠤᠬᠢᠶᠠᠭᠴᠢ᠄ ᠴᠠᠰᠤᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2775
ᠴᠠᠭ᠄ 2010 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ